ДОТООДЫН ЦЭРГИЙН ШТАБЫН ДАРГА, БРИГАДЫН ГЕНЕРАЛ Р.ЧИНГИС ДОТООДЫН ЦЭРГИЙН 05, 805, 809 ДҮГЭЭР АНГИУД БОЛОН 837 ДУГААР ТУСГАЙ САЛБАРЫН ҮЙЛ АЖИЛЛАГААТАЙ ТАНИЛЦЛАА
ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ ᠪᠷᠢᠭᠠᠳ᠋ ᠤ᠋ᠨ ᢉᠧᠨᠧᠷᠠᠯ ᠷ᠂ᠴᠢᠩᢉᠢᠰ ᠳᠣᠲᠤᠭᠠᠳᠤ ᠶ᠋ᠢᠨ ᠴᠡᠷᠢᢉ ᠦ᠋ᠨ ᠐᠕᠂ ᠘᠐᠕᠂ ᠘᠐᠙ ᠳ᠋᠋ᠦ᠋ᢉᠡᠷ ᠠᠩᢉᠢ ᠨᠤᠭᠤᠳ ᠪᠣᠯᠤᠨ ᠘᠓᠗ ᠳ᠋᠋ᠤᠭᠠᠷ ᠲᠤᠰᠬᠠᠢ ᠰᠠᠯᠪᠤᠷᠢ ᠶ᠋ᠢᠨ ᠦᠢᠯᠡ ᠠᠵᠢᠯᠯᠠᠭᠠ ᠲᠠᠢ ᠲᠠᠨᠢᠯᠴᠠᠯ ᠢ᠋ᠶᠠᠨ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ᠪᠷᠢᠭᠠᠳ᠋ ᠤ᠋ᠨ ᢉᠧᠨᠧᠷᠠᠯ ᠷ᠂ᠴᠢᠩᢉᠢᠰ ᠡᠨᠡ ᠣᠨ ᠤ᠋ ᠑᠑ ᠰᠠᠷᠠ ᠶ᠋ᠢᠨ ᠐᠕᠂ ᠑᠔- ᠦ᠋ ᠡᠳᠦᠷ ᠦ᠋ᠳ ᠲᠦ ᠳᠣᠲᠤᠭᠠᠳᠤ ᠶ᠋ᠢᠨ ᠴᠡᠷᠢᢉ ᠦ᠋ᠨ ᠐᠕᠂ ᠘᠐᠕᠂ ᠘᠐᠙ ᠳ᠋᠋ᠦ᠋ᢉᠡᠷ ᠠᠩᢉᠢ ᠨᠤᠭᠤᠳ ᠪᠣᠯᠤᠨ ᠘᠓᠗ ᠳ᠋᠋ᠤᠭᠠᠷ ᠲᠤᠰᠬᠠᠢ ᠰᠠᠯᠪᠤᠷᠢ ᠶ᠋ᠢᠨ ᠦᠢᠯᠡ ᠠᠵᠢᠯᠯᠠᠭᠠ᠂ ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢᠳ ᠤ᠋ᠨ ᠡᢉᠦᠷᢉᠡ ᢉᠦᠢᠴᠡᠳᢈᠡᠯᠲᠦ᠂ ᠠᠮᠢᠳᠤᠷᠠᠬᠤ ᠣᠷᠴᠢᠨ ᠨᠥᢈᠦᠴᠡᠯ᠂ ᠬᠣᠭᠤᠯᠠ ᢈᠦᠨᠡᠰᠦ᠂ ᠬᠤᠪᠴᠠᠰᠤ᠂ ᢈᠡᠷᠡᢉᠰᠡᠯ ᠦ᠋ᠨ ᠬᠠᠩᠭᠠᠯᠲᠠ ᠶ᠋ᠢᠨ ᠪᠠᠶᠢᠳᠠᠯ ᠲᠠᠢ ᠪᠡᠶᠡᠴᠢᠯᠡᠨ ᠲᠠᠨᠢᠯᠴᠠᠯᠠ᠃ ᠡᠨᠡ ᠦᠶᠡ ᠪᠡᠷ ᠲᠤᠰ ᠠᠩᢉᠢ ᠶ᠋ᠢᠨ ᠵᠠᢈᠢᠷᠤᠭᠴᠢ ᠨᠠᠷ ᠪᠠᠶᠢᠭᠤᠯᠤᠯᠭᠠ ᠶ᠋ᠢᠨ ᠦᠢᠯᠡ ᠠᠵᠢᠯᠯᠠᠭᠠ᠂ ᠪᠦᠲᠦᠴᠡ ᠪᠦᠷᠢᠯᠳᠦᢈᠦᠨ ᠪᠣᠯᠤᠨ ᠤᠯᠤᠰ ᠤ᠋ᠨ ᠣᠨᠴᠠ ᠴᠢᠬᠤᠯᠠ ᠣᠪᠶᠧᠻᠲ ᠤ᠋ᠨ ᠬᠠᠮᠠᠭᠠᠯᠠᠯᠲᠠ᠂ᠬᠠᠤᠯᠢ ᠪᠠᠷ ᢈᠦᠯᠢᠶᠡᢉᠰᠡᠨ ᠴᠢᢉ ᠡᢉᠦᠷᢉᠡ ᠶ᠋ᠢᠨ ᢈᠡᠷᠡᢉᠵᠢᠯᠲᠡ᠂ ᠠᠯᠪᠠ ᠬᠠᠭᠠᠭᠴᠢᠳ ᠤ᠋ᠨ ᠠᠵᠢᠯᠯᠠᠬᠤ ᠣᠷᠴᠢᠨ ᠨᠥᢈᠦᠴᠡᠯ ᠢ᠋ ᠰᠠᠶᠢᠵᠢᠷᠠᠭᠤᠯᠬᠤ ᠪᠠᠷ ᢈᠡᠷᠡᢉᠵᠢᢉᠦᠯᠵᠦ ᠪᠤᠢ ᠦᠢᠯᠡ ᠠᠵᠢᠯᠯᠠᠭᠠ᠂ ᠠᠵᠢᠯ ᠤ᠋ᠨ ᠦᠷᠡ ᠳ᠋ᠦᠩ᠂ ᠲᠤᠯᠭᠠᠮᠳᠠᠵᠤ ᠪᠤᠢ ᠠᠰᠠᠭᠤᠳᠠᠯ᠂ ᠴᠠᠭᠠᠰᠢᠳᠠ ᠰᠢᠶᠢᠳᠪᠦᠷᠢᠯᠡᢉᠦᠯᢈᠦ ᠠᠵᠢᠯ ᠤ᠋ᠨ ᠰᠠᠨᠠᠯ ᠢ᠋ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ ᠳ᠋ᠤ ᠲᠠᠨᠢᠯᠴᠠᠭᠤᠯᠤᠯᠠ᠃ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ ᠠᠵᠢᠯᠯᠠᠬᠤ ᠦᠶᠡ ᠪᠡᠷ ᠢ᠋ᠶᠡᠨ ᠠᠩᢉᠢ ᠨᠤᠭᠤᠳ ᠤ᠋ᠨ ᠦᠢᠯᠡ ᠠᠵᠢᠯᠯᠠᠭᠠᠨ ᠳ᠋ᠤ ᠢᠯᠡᠷᠡᢉᠰᠡᠨ ᠵᠥᠷᠢᠴᠡᠯ ᠢ᠋ ᠭᠠᠵᠠᠷ ᠳᠡᢉᠡᠷᠡ ᠨᠢ ᠵᠠᠰᠠᠭᠤᠯᠵᠤ᠂ ᠰᠢᠢᠳᠪᠦᠷᠢᠯᠡᢈᠦ ᠪᠣᠯᠤᠮᠵᠢ ᠪᠦᢈᠦᠢ ᠰᠠᠨᠠᠯ ᠢ᠋ ᠰᠢᠢᠳᠪᠦᠷᠢᠯᠡᠨ᠂ ᠠᠯᠪᠠ ᠬᠠᠭᠠᠭᠴᠢᠳ ᠤ᠋ᠨ ᠰᠠᠨᠠᠯ ᠰᠡᠳᢈᠢᢉᠳᠡᠯ ᠢ᠋ ᠰᠣᠨᠤᠰᠴᠤ᠂ ᠠᠯᠪᠠ ᠬᠠᠭᠠᠭᠴᠢᠳ ᠲᠤ ᠬᠠᠨᠳᠤᠨ ᠮᠡᠳᠡᠯᢉᠡ᠂ ᠤᠷᠠ ᠴᠢᠳᠠᠪᠤᠷᠢ᠂ ᠠᠯᠪᠠᠨ ᠤ᠋ ᠪᠡᠯᠡᠨ ᠪᠠᠶᠢᠳᠠᠯ᠂ ᠪᠡᠶᠡ ᠪᠢᠯᠳᠠᠷ᠂ ᠰᠡᠳᢈᠢᠯ ᠵᠦᠢ ᠶ᠋ᠢᠨ ᠪᠡᠯᠡᠳᢈᠡᠯ ᠢ᠋ᠶᠡᠨ ᠲᠣᠭᠲᠠᠮᠠᠯ ᠳᠡᢉᠡᢉᠰᠢᠯᠡᢉᠦᠯᠵᠦ᠂ ᠶᠣᠰᠤ ᠵᠦᠢ ᠶ᠋ᠢ ᠡᠷᢈᠢᠮᠯᠡᠨ ᠠᠵᠢᠯᠯᠠᠨᠠ ᢉᠡᠳᠡᢉ ᠲᠦ ᠢᠲᠡᢉᠡᠯᠲᠡᠢ ᠪᠠᠶᠢᠭᠠ ᠶ᠋ᠢ ᠢᠯᠡᠷᢈᠡᠶᠢᠯᠡᠵᠦ᠂ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠬᠠᠤᠯᠢ ᠪᠠᠷ ᢈᠦᠯᠢᠶᠡᢉᠰᠡᠨ ᠴᠢᢉ ᠡᢉᠦᠷᢉᠡ ᠪᠡᠨ᠂ ᠨᠡᠷᠡ ᠲᠥᠷᠦ ᠲᠡᠢ ᢉᠦᠢᠴᠡᠳᢈᠡᠵᠦ᠂ ᠴᠡᠷᠢᢉ ᠦ᠋ᠨ ᠵᠢᠩᢈᠢᠨᠢ ᠠᠯᠪᠠ ᠪᠠᠨ ᠦᠯᠢᢉᠡᠷ ᠵᠢᠱᠢᠶᠡᠴᠢ ᠪᠡᠷ ᠬᠠᠭᠠᠬᠤ ᠶ᠋ᠢ ᠠᠩᢉᠢ ᠶ᠋ᠢᠨ ᠨᠡᠶᠢᠲᠡ ᠪᠡᠶᠡ ᠪᠦᠷᠢᠯᠳᠦᢈᠦᠨ ᠳ᠋ᠦ ᠡᢉᠦᠷᢉᠡ ᠪᠣᠯᠭᠠᠯᠠ᠃












100 жил
