МОНГОЛ УЛСЫН ЕРӨНХИЙЛӨГЧ, ЗЭВСЭГТ ХҮЧНИЙ ЕРӨНХИЙ КОМАНДЛАГЧИЙН НЭРЭМЖИТ “СОНСОГЧИЙН АЛДАР” ГАРДАН ТУЛААНЫ ОЛОН УЛСЫН ТЭМЦЭЭНИЙ НЭЭЛТ БОЛЛОО
ᠮᠣᠩᠭᠤᠯ ᠤᠯᠤᠰ ᠤ᠋ᠨ ᠶᠡᠷᠦᠩᢈᠡᠶᠢᠯᠡᢉᠴᠢ᠂ ᠵᠡᠪᠰᠡᢉᠲᠦ ᢈᠦᠴᠦᠨ ᠦ᠋ ᠶᠡᠷᠦᠩᢈᠡᠢ ᠻᠣᠮᠠᠨᠳ᠋ᠯᠠᠭᠴᠢ ᠶ᠋ᠢᠨ ᠨᠡᠷᠡᠮᠵᠢᠲᠦ “ᠰᠣᠨᠤᠰᠤᠭᠴᠢ ᠶ᠋ᠢᠨ ᠠᠯᠳᠠᠷ” ᠭᠠᠷᠳᠠᠨ ᠲᠤᠯᠤᠭᠠᠨ ᠤ᠋ ᠣᠯᠠᠨ ᠤᠯᠤᠰ ᠤ᠋ᠨ ᠲᠡᠮᠡᠴᠡᢉᠡᠨ ᠦ᠋ ᠨᠡᢉᠡᢉᠡᠯᠲᠡ ᠶ᠋ᠢᠨ ᠠᠵᠢᠯᠯᠠᠭᠠ ᠥᠨᠦᠳᠦᠷ (᠒᠐᠒᠕᠂᠑᠑᠂᠑᠘) ᠰᠲ᠋ᠧᠫᠫᠧ ᠠᠷᠧᠨᠠᠳ ᠪᠣᠯᠤᠯᠠ᠃ ᠨᠡᢉᠡᢉᠡᠯᠲᠡ ᠶ᠋ᠢᠨ ᠦᠢᠯᠡ ᠠᠵᠢᠯᠯᠠᠭᠠᠨ ᠳ᠋ᠤ ᠮᠣᠩᠭᠣᠯ ᠤᠯᠤᠰ ᠤ᠋ᠨ ᠶᠡᠷᠦᠩᢈᠡᠶᠢᠯᠡᢉᠴᠢ᠂ ᠵᠡᠪᠰᠡᢉᠲᠦ ᢈᠦᠴᠦᠨ ᠦ᠋ ᠶᠡᠷᠦᠩᢈᠡᠢ ᠻᠣᠮᠠᠨ᠋ᠳ᠋ᠯᠠᠭᠴᠢ ᠤ᠂ᢈᠦᠷᠡᠯᠰᠦ᠋ᢈᠡ᠂ ᠴᠠᠭᠳᠠᠭᠠ ᠶ᠋ᠢᠨ ᠶᠡᠷᠦᠩᢈᠡᠢ ᠭᠠᠵᠠᠷ ᠤ᠋ᠨ ᠳᠠᠷᠤᠭᠠ᠂ ᠳᠣᠲᠤᠭᠠᠳᠤ ᠶ᠋ᠢᠨ ᠴᠡᠷᠢᢉ ᠦ᠋ᠨ ᠻᠣᠮᠠᠨᠳ᠋ᠯᠠᠭᠴᠢ᠂ ᠬᠣᠰᠢᠭᠤᠴᠢ ᢉᠧᠨᠧᠷᠠᠯ ᠵ᠂ ᠪᠣᠯᠤᠳ᠂ ᠳᠣᠲᠤᠭᠠᠳᠤ ᢈᠡᠷᠡᢉ ᠦ᠋ᠨ ᠶᠡᢈᠡ ᠰᠤᠷᠭᠠᠭᠤᠯᠢ ᠶ᠋ᠢᠨ ᠵᠠᢈᠢᠷᠤᠯ᠂ ᠳ᠋ᠣᠻᠲ᠋ᠣᠷ (Ph᠃ D)᠂ᠫ ᠫᠷᠣᠹᠧᠰᠰᠣᠷ᠂ ᠪᠷᠢᠭᠠᠳ᠋ ᠤ᠋ᠨ ᢉᠧᠨᠧᠷᠠᠯ ᠲ᠂ ᠰᠦᢈᠡᠪᠣᠯᠤᠳ᠂ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ ᠪᠷᠢᠭᠠᠳ᠋ ᠤ᠋ᠨ ᢉᠧᠨᠧᠷᠠᠯ ᠷ᠂ᠴᠢᠩᢉᠢᠰ᠂ ᠦᠨᠳᠦᠰᠦᠨ ᠦ᠋ ᠠᠶᠤᠯ ᠦᢉᠡᠢ ᠪᠠᠶᠢᠳᠠᠯ ᠤ᠋ᠨ ᠵᠥᠪᠯᠡᠯ ᠦ᠋ᠨ ᠨᠠᠷᠢᠨ ᠪᠢᠴᠢᢉ ᠦ᠋ᠨ ᠳᠠᠷᠤᠭᠠ ᠠᠠ᠂ ᠪᠢᠮᠪᠠᠵᠢᠷᠭᠠᠯ᠂ ᠦᠨᠳᠦᠰᠦᠨ ᠦ᠋ ᠠᠶᠤᠯ ᠦᢉᠡᠢ ᠪᠠᠶᠢᠳᠠᠯ ᠤ᠋ᠨ ᠵᠥᠪᠯᠡᠯ ᠦ᠋ᠨ ᠠᠵᠢᠯ ᠤ᠋ᠨ ᠠᠯᠪᠠᠨ ᠤ᠋ ᠳᠠᠷᠤᠭᠠ᠂ᠬᠣᠰᠢᠭᠤᠴᠢ ᢉᠧᠨᠧᠷᠠᠯ ᠳ᠋ᠠ᠂ᠠᠷᠢᠭᠤᠨᠪᠣᠯᠤᠳ᠂ ᠶᠡᠷᠦᠩᢈᠡᠶᠢᠯᠡᢉᠴᠢ ᠶ᠋ᠢᠨ ᠲᠠᠮᠠᠭᠠ ᠶ᠋ᠢᠨ ᠭᠠᠵᠠᠷ ᠤ᠋ᠨ ᠳᠡᠳ ᠳᠠᠷᠤᠭᠠ ᠪᠠ᠃ ᠡᠩᢈᠡ-ᠠᠮᠤᠭᠤᠯᠠᠩ᠂ ᠵᠣᠬᠠᠰᠢ- ᠤ᠋ᠨ ᠳᠠᠷᠤᠭᠠ᠂ ᠳᠡᠰᠯᠡᢉᠴᠢ ᢉᠧᠨᠧᠷᠠᠯ ᠰ᠂ ᠭᠠᠩᠪᠢᠮᠪᠠ᠂ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠵᠠᠯᠠᠭᠤᠴᠤᠳ᠂ ᠰᠫᠣᠷᠲ ᠤ᠋ᠨ ᠪᠣᠳᠤᠯᠭᠠ ᠶ᠋ᠢᠨ ᠵᠥᠪᠯᠡᢈᠦ ᠳ᠂ ᠳᠠᠸᠠᠳᠣᠷᠵᠢ᠂ ᠮᠣᠩᠭᠣᠯ ᠤᠯᠤᠰ ᠤ᠋ᠨ ᠠᠷᠠᠳ ᠤ᠋ᠨ ᠪᠠᠭᠰᠢ᠂ ᠳ᠋ᠣᠻᠲ᠋ᠣᠷ᠂ ᠫᠷᠣᠹᠧᠰᠰᠣᠷ᠂ ᠴᠠᠭᠳᠠᠭᠠ ᠶ᠋ᠢᠨ ᠬᠤᠷᠠᠩᠳᠠ ᠰ᠂ ᠬᠠᠶᠠᠩᠭᠠᠷᠪᠣ ᠪᠣᠯᠤᠨ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠲᠠᠮᠠᠭᠠ ᠶ᠋ᠢᠨ ᠭᠠᠵᠠᠷ᠂ ᠪᠠᠲᠤᠯᠠᠨ ᠬᠠᠮᠠᠭᠠᠯᠠᠬᠤ ᠶᠠᠮᠤ᠂ ᠬᠠᠤᠯᠢ ᠵᠦᠢ᠂ ᠳᠣᠲᠤᠭᠠᠳᠤ ᢈᠡᠷᠡᢉ ᠦ᠋ᠨ ᠶᠠᠮᠤ᠂ ᠵᠣᠬᠤᠰᠢ᠂ ᠼᠧᢉ᠂ ᢈᢈᠦ᠋ᢉ᠂ ᠱᠰᢈᠦᢉ᠂ ᠣᠪᠧᢉ᠂ ᠱᠱᠧᢉ᠂ ᠬᠠᠮᠲᠤ ᠶ᠋ᠢᠨ ᠠᠵᠢᠯᠯᠠᠭᠠ ᠲᠠᠢ ᠭᠠᠳᠠᠭᠠᠳᠤ ᠶ᠋ᠢᠨ ᠡᠯᠴᠢᠨ ᠰᠠᠶᠢᠳ ᠤ᠋ᠨ ᠶᠠᠮᠤ ᠨᠤᠭᠤᠳ᠂ ᠦᠪᢈᠢᠰ᠂ ᠳ᠋ᠢᠰ᠂ ᠲᠥᠷᠦ ᠶ᠋ᠢᠨ ᠴᠡᠷᠢᢉ ᠦ᠋ᠨ ᠪᠣᠯᠤᠨ ᠬᠠᠤᠯᠢ ᠰᠠᢈᠢᠭᠤᠯᠬᠤ ᠪᠠᠶᠢᠭᠤᠯᠤᠯᠭᠠ ᠶ᠋ᠢᠨ ᠰᠫᠣᠷᠲ ᠤ᠋ᠨ ᠬᠣᠷᠢᠶᠠᠳ᠂ ᠭᠠᠷᠳᠠᠨ ᠲᠤᠯᠤᠭᠠᠨ ᠤ᠋ ᠻᠯᠦ᠋ᠪ᠂ ᠬᠣᠯᠪᠤᠭᠠᠳ ᠤ᠋ᠨ ᠤᠳᠤᠷᠢᠳᠤᠯᠭᠠ ᠨᠤᠭᠤᠳ᠂ ᠪᠠᠭ᠂ ᠲᠠᠮᠢᠷᠴᠢᠳ᠂ ᢈᠥᢉᠵᠢᠶᠡᠨ ᠳᠡᠮᠵᠢᢉᠴᠢᠳ ᠣᠷᠤᠯᠴᠠᠪᠠ᠃ ᠲᠡᠮᠡᠴᠡᢉᠡᠨ ᠢ᠋ ᠨᠡᢉᠡᢉᠡᠵᠦ ᠮᠣᠩᠭᠣᠯ ᠤᠯᠤᠰ ᠤ᠋ᠨ ᠶᠡᠷᠦᠩᢈᠡᠶᠢᠯᠡᢉᠴᠢ᠂ ᠵᠡᠪᠰᠡᢉᠲᠦ ᢈᠦᠴᠦᠨ ᠦ᠋ ᠶᠡᠷᠦᠩᢈᠡᠢ ᠻᠣᠮᠠᠨ᠋ᠳ᠋ᠯᠠᠭᠴᠢ ᠤ᠂ᢈᠦᠷᠡᠯᠰᠦ᠋ᢈᠡ ᠦᢉᠡ ᢈᠡᠯᠡᠯᠡ᠃ ᠲᠡᠷᠡ ᠪᠡᠷ “ᠰᠣᠨᠤᠰᠤᠭᠴᠢ ᠶ᠋ᠢᠨ ᠠᠯᠳᠠᠷ ᠲᠡᠮᠡᠴᠡᢉᠡᠨ᠂ ᠨᠡᢉᠡᢉᠡᠯᠲᠡ ᠲᠡᠢ ᠡᠳᠦᠷᠯᠢᢉ ᠨᠢ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠰᠠᠨᠠᠭᠠᠴᠢᠯᠭᠠ ᠪᠠᠷ ᢈᠡᠷᠡᢉᠵᠢᠵᠦ ᠪᠤᠢ “ᠡᠷᠡᢉᠦᠯ ᠮᠣᠩᠭᠤᠯ ᢈᠦᠮᠦᠨ”᠂ᠤ᠂ ᠹ᠂᠂ “ᠡᢈᠡ ᠣᠷᠤᠨᠴᠢ ᠮᠣᠩᠭᠤᠯ” ᠦᠨᠳᠦᠰᠦᠨ ᠦ᠋ ᢈᠥᠳᠡᠯᢉᠡᢉᠡᠨ᠂ ᠦᠨᠳᠦᠰᠦᠨ ᠦ᠋ ᠰᠥᠷᠦᠨ ᠲᠡᠰᠪᠦᠷᠢᠯᠡᢈᠦ ᠰᠲ᠋ᠷᠠᠲ᠋ᠧᢉᠢ ᠲᠠᠢ ᠤᠶᠠᠯᠳᠤᠵᠤ᠂ ᠵᠠᠯᠠᠭᠤ ᠬᠣᠶᠢᠴᠢ ᠦᠶᠡ ᠪᠡᠨ ᠲᠥᠷᠦᠲᠦ ᠶᠣᠰᠤ᠂ ᠥᠪ ᠰᠣᠶᠤᠯ᠂ ᠦᠨᠳᠦᠰᠦᠨ ᠦ᠋ ᠦᠨᠡᠲᠦ ᠵᠦᠢᠯ ᠢ᠋ᠶᠡᠨ ᠡᠷᢈᠢᠮᠯᠡᠳᠡᢉ ᠡᠷᠡᢉᠦᠯ ᠴᠢᢉᠢᠷᠠᠭ᠂ ᠶᠣᠰᠤ ᠰᠤᠷᠲᠠᠬᠤᠨ᠂ ᠰᠡᠳᢈᠢᠯ ᠵᠦᠢ ᠶ᠋ᠢᠨ ᠵᠥᠪ ᠲᠥᠯᠦᠪᠰᠢᠯ ᠲᠡᠢ ᠪᠣᠯᠭᠠᠨ ᢈᠥᢉᠵᠢᢉᠦᠯᢈᠦ ᠳ᠋ᠦ ᠴᠢᢉᠯᠡᢉᠰᠡᠨ ᠣᠯᠠᠨ ᠦᠢᠯᠡ ᠠᠵᠢᠯᠯᠠᠭᠠᠨ ᠤ᠋ ᠨᠢᢉᠡ ᢈᠡᠰᠡᢉ ᠪᠣᠯᠵᠤ ᠪᠠᠶᠢᠭᠠ ᠶ᠋ᠢ ᠲᠡᠮᠳᠡᢉᠯᠡᠨ ᢈᠡᠯᠡᢈᠦ ᠳ᠋ᠦ ᠲᠠᠭᠠᠲᠠᠢ ᠪᠠᠶᠢᠨᠠ᠃ ᠴᠠᠭᠠᠰᠢᠳᠠ ᢈᠡᠦᢈᠡᠳ᠂ ᠵᠠᠯᠠᠭᠤᠰ ᠲᠤ ᠵᠥᠪ ᠲᠥᠯᠦᠪᠰᠢᠯ᠂ ᠰᠡᠳᢈᠢᠯ ᠵᠦᠢ᠂ ᠪᠡᠶᠡ ᠪᠢᠯᠳᠠᠷ ᠤ᠋ᠨ ᠥᠪ ᠲᠡᢉᠰᠢ ᢈᠦᠮᠦᠵᠢᠯ ᠣᠯᠭᠤᠬᠤ ᠵᠣᠷᠢᠯᠭᠠ ᠪᠠᠷ ᠭᠠᠷᠳᠠᠨ ᠲᠤᠯᠤᠭᠠᠨ᠂ ᠥᠪᠡᠷ ᠢ᠋ ᠪᠡᠨ ᠬᠠᠮᠠᠭᠠᠯᠠᠬᠤ ᠤᠷᠠᠯᠢᠭ ᠤ᠋ᠨ ᠨᠡᠮᠡᠯᠲᠡ ᢈᠥᠲᠦᠯᠪᠦᠷᠢ ᠶ᠋ᠢ ᠪᠦᢈᠦ ᠱᠠᠲᠤᠨ ᠤ᠋ ᠪᠣᠯᠪᠠᠰᠤᠷᠠᠯ ᠤ᠋ᠨ ᠪᠠᠶᠢᠭᠤᠯᠤᠯᠭᠠ ᠶ᠋ᠢᠨ ᠪᠡᠶᠡ ᠶ᠋ᠢᠨ ᠲᠠᠮᠢᠷ ᠤ᠋ᠨ ᢈᠢᠴᠢᠶᠡᠯ ᠦ᠋ᠨ ᠠᠭᠤᠯᠭᠠ ᠳ᠋ᠤ ᠲᠤᠰᠬᠠᠨ ᢈᠡᠷᠡᢉᠵᠢᢉᠦᠯᢈᠦ ᠲᠠᠯᠠᠭᠠᠷ ᠲᠤᠯᠤᠭᠠᠨ ᠤ᠋ ᠰᠫᠣᠷᠲ ᠤ᠋ᠨ ᠬᠣᠯᠪᠤᠭᠠ᠂ᠮᠡᠷᢉᠡᠵᠢᠯ ᠦ᠋ᠨ ᠻᠯᠦᠪ ᠦ᠋ᠳ ᠤ᠋ᠨ ᠳᠡᠪᠰᠢᢉᠦᠯᠦᢉᠰᠡᠨ ᠰᠠᠨᠠᠭᠠᠴᠢᠯᠭᠠ ᠶ᠋ᠢ ᠳᠡᠮᠵᠢᠨ ᠠᠵᠢᠯᠯᠠᠬᠤ ᠪᠣᠯᠤᠨᠠ” ᢉᠡᠪᠡ᠃ ᠲᠡᠮᠡᠴᠡᢉᠡᠨ ᠦ᠋ ᠰᠢᢉᠦᢉᠴᠢ ᠶ᠋ᠢᠨ ᠲᠠᠩᠭᠠᠷᠢᢉ ᠢ᠋ “ᠰᠣᠨᠤᠰᠤᠭᠴᠢ ᠶ᠋ᠢᠨ ᠠᠯᠳᠠᠷ” ᠲᠡᠮᠡᠴᠡᢉᠡᠨ ᠦ᠋ ᠰᠢᠯᠢᢉᠳᠡᠮᠡᠯ ᠰᠢᢉᠦᢉᠴᠢ᠂ ᠰᠫᠣᠷᠲ ᠤ᠋ᠨ ᠮᠠᠰᠲ᠋ᠧᠷ᠂ ᠳᠡᠳ᠋ ᠬᠤᠷᠠᠩᠳᠠ ᠰ᠂ᠬᠠᠰᠪᠠᠭᠠᠲᠤᠷ᠂ ᠲᠠᠮᠢᠷᠴᠢᠳ ᠤ᠋ᠨ ᠲᠠᠩᠭᠠᠷᠢᠭ ᠢ᠋ ᠣᠯᠠᠨ ᠤᠯᠤᠰ ᠤ᠋ᠨ ᢈᠡᠮᠵᠢᠶ ᠡᠨ ᠦ᠋ ᠮᠠᠰᠲ᠋ᠧᠷ ᠪ᠃ ᠤᠷᠠᠨᠭᠣᠣᠠ ᠨᠠᠷ ᠡᠷᢉᠦᠯᠡ᠃ ᠨᠡᢉᠡᢉᠡᠯᠲᠡ ᠶ᠋ᠢᠨ ᠦᠶᠡ ᠪᠡᠷ ᠳᠣᠲᠤᠭᠠᠳᠤ ᢈᠡᠷᠡᢉ ᠦ᠋ᠨ ᠶᠡᢈᠡ ᠰᠤᠷᠭᠠᠭᠤᠯᠢ ᠶ᠋ᠢᠨ ᠔᠐᠐ ᠰᠣᠨᠤᠰᠤᠭᠴᠢ ᠶ᠋ᠢᠨ ᠭᠠᠷᠳᠠᠨ ᠲᠤᠯᠤᠭᠠᠨ ᠤ᠋ ᢈᠡᠢ ᠶ᠋ᠢᠨ ᠦᠵᠡᢉᠦᠯᢈᠦ ᠲᠣᠭᠯᠠᠯᠲᠠ ᠶ᠋ᠢ ᠰᠣᠨᠢᠷᠬᠠᠭᠤᠯᠤᠯᠠ᠃ ᠮᠥᠨ ᠳᠣᠲᠤᠭᠠᠳᠤ ᠶ᠋ᠢᠨ ᠴᠡᠷᠢᢉ ᠦ᠋ᠨ ᠘᠐᠙ ᠳ᠋ᠦ᠋ᢉᠡᠷ ᠠᠩᢉᠢ ᠪᠣᠯᠤᠨ ᠼᠧᢉ- ᠤ᠋ᠨ ᠲᠤᠰᠬᠠᠢ ᠠᠵᠢᠯᠯᠠᠭᠠᠨ ᠤ᠋ ᠭᠠᠵᠠᠷ ᠤ᠋ᠨ ᠠᠯᠪᠠ ᠬᠠᠭᠠᠭᠴᠢᠳ᠂ ᠮᠣᠩᠭᠣᠯ ᠤ᠋ᠨ ᠣᠯᠢᠮᠫ ᠤ᠋ᠨ ᠲᠠᠶᠧᠻᠸᠣᠨ᠋ᠳᠣ ᠶ᠋ᠢᠨ ᠬᠣᠯᠪᠤᠭᠠ᠂ ᠣᠯᠠᠨ ᠤᠯᠤᠰ ᠤ᠋ᠨ ᠲᠠᠶᠧᠻᠸᠣᠨ᠋ᠳᠣ ᠶ᠋ᠢᠨ ᠬᠣᠯᠪᠤᠭᠠ᠂ ᠮᠣᠩᠭᠣᠯ ᠤ᠋ᠨ ᠻᠢᠻᠪᠣᠻᠰ ᠤ᠋ᠨ ᠬᠣᠯᠪᠤᠭᠠ᠂ ᠮᠠᠭᠠᠲᠠᠢ ᠪᠣᠻᠰ ᠤ᠋ᠨ ᠬᠣᠯᠪᠤᠭᠠ᠂ ᠪᠣᠻᠰ ᠤ᠋ᠨ ᠬᠣᠯᠪᠤᠭᠠ᠂ “ᠬᠠᠶᠠᠩᠭᠠᠷᠸᠠ” ᠳᠡᠪᠵᠢᠶᠡ᠂ ᠭᠠᠷᠳᠠᠨ ᠲᠤᠯᠤᠭᠠᠨ ᠤ᠋ ᠬᠣᠯᠪᠤᠭᠠᠨ ᠤ᠋ ᠲᠠᠮᠢᠷᠴᠢᠳ᠂ ᠳᢈᠢᠰ-ᠡᠶᠢᠨ ᠰᠣᠨᠤᠰᠤᠭᠴᠢᠳ ᠤ᠋ᠨ ᠭᠠᠷᠳᠠᠨ ᠲᠤᠯᠤᠭᠠᠨ ᠤ᠋ ᠦᠵᠡᢉᠦᠯᢈᠦ ᠲᠣᠭᠯᠠᠯᠲᠠ ᠪᠣᠯᠪᠠ᠃ ᠲᠤᠰ ᠲᠡᠮᠡᠴᠡᢉᠡᠨ ᠳ᠋ᠦ ᠮᠣᠩᠭᠣᠯ ᠤᠯᠤᠰ᠂ ᠪᠦᢉᠦᠳᠡ ᠨᠠᠶᠢᠷᠠᠮᠳᠠᠬᠤ ᢈᠢᠲᠠᠳ ᠠᠷᠠᠳ ᠤᠯᠤᠰ᠂ ᠪᠦᢉᠦᠳᠡ ᠨᠠᠶᠢᠷᠠᠮᠳᠠᠬᠤ ᠰᠣᠼᠢᠶᠠᠯᠢᠰᠲ ᠸᠢᠧᠲ᠋ᠨᠠᠮ ᠤᠯᠤᠰ᠂ ᠪᠦᢉᠦᠳᠡ ᠨᠠᠶᠢᠷᠠᠮᠳᠠᠬᠤ ᠻᠠᠽᠠᠬᠰᠲ᠋ᠠᠨ ᠤᠯᠤᠰ᠂ ᠪᠦᢉᠦᠳᠡ ᠨᠠᠶᠢᠷᠠᠮᠳᠠᠬᠤ ᠦᠽᠪᠧᠻᠰᠲ᠋ᠠᠨ ᠤᠯᠤᠰ ᠤ᠋ᠨ ᠔᠐ ᠪᠠᠭ ᠤ᠋ᠨ ᠓᠐᠐ ᠭᠠᠷᠤᠢ ᠲᠠᠮᠢᠷᠴᠢᠨ “ᠭᠠᠷᠳᠠᠨ ᠲᠤᠯᠤᠭᠠᠨ”᠂ᠤ᠂ ᠹ᠂᠂ “ᠥᠪᠡᠷ ᠢ᠋ ᠪᠡᠨ ᠬᠠᠮᠠᠭᠠᠯᠠᠬᠤ” ᢉᠡᠰᠡᠨ ᠬᠣᠶᠠᠷ ᠲᠥᠷᠦᠯ ᠳ᠋ᠦ ᠬᠤᠷᠳᠤ ᢈᠦᠴᠦ᠂ ᠵᠣᠷᠢᠭ ᠲᠡᠪᠴᠢᠶᠡᠷᠢ᠂ ᠠᠪᠬᠠᠯᠵᠢ ᠬᠤᠷᠳᠤ᠂ ᢈᠦᠴᠦ᠂ ᠲᠡᠰᠪᠦᠷᠢ ᠲᠡᠪᠴᠢᠶᠡᠷᠢ᠂ ᠠᠪᠬᠠᠯᠵᠢ ᠰᠠᠮᠪᠠᠭᠠ ᠪᠠᠨ ᠰᠣᠷᠢᠨ ᠥᠷᠢᠰᠦᠯᠳᠦᠵᠦ ᠪᠠᠶᠢᠨᠠ᠃ “ᠰᠣᠨᠤᠰᠤᠭᠴᠢ ᠶ᠋ᠢᠨ ᠠᠯᠳᠠᠷ” ᠲᠡᠮᠡᠴᠡᢉᠡᠨ ᠳ᠋ᠦ ᠠᠮᠵᠢᠯᠲᠠ ᠲᠠᠢ ᠣᠷᠤᠯᠴᠠᠭᠰᠠᠨ ᠪᠠᠭ ᠲᠠᠮᠢᠷᠴᠢᠳ ᠢ᠋ “ᠲᠤᠯᠤᠭᠠᠨ” ᠪᠣᠯᠤᠨ “ᠥᠪᠡᠷ ᠢ᠋ ᠪᠡᠨ ᠬᠠᠮᠠᠭᠠᠯᠠᠬᠤ” ᠲᠥᠷᠦᠯ ᠳ᠋ᠦ ᠬᠤᠪᠢ ᠶ᠋ᠢᠨ ᠪᠣᠯᠤᠨ ᠪᠠᠭ ᠤ᠋ᠨ ᠠᠮᠵᠢᠯᠲᠠ ᠪᠠᠷ ᠲᠤᠰ ᠪᠦᠷᠢ ᠪᠠᠶᠢᠷᠢ ᠡᠵᠡᠯᠡᢉᠦᠯᠦᠨ ᠤᠷᠮᠠᠰᠢᠭᠤᠯᠬᠤ ᠶ᠋ᠢᠨ ᠵᠡᠷᢉᠡᠴᠡᢉᠡ ᠳᠡᢉᠡᠷᠡᢈᠢ ᠒ ᠲᠥᠷᠦᠯ ᠲᠤᠰ ᠪᠦᠷᠢ ᠳ᠋ᠦ ᠲᠦᠷᠦᢉᠦᠯᠡᢉᠰᠡᠨ᠂ ᠨᠢᢉᠡ ᠲᠠᠮᠢᠷᠴᠢᠨ ᠳ᠋ᠤ “ᠤᠯᠠᠭᠠᠨ ᠪᠷᠧᠲ ᠮᠠᠯᠠᠭᠠᠢ” ᠣᠯᠭᠠᠨᠠ᠃ ᠮᠥᠨ “ᠰᠢᠯᠢᢉᠳᠡᠮᠡᠯ ᠰᠢᢉᠦᢉᠴᠢ”᠂ᠹ᠂ “ᠰᠢᠯᠢᠳᠡᢉ ᠳᠠᠰᠬᠠᠯᠵᠢᠭᠤᠯᠤᠭᠴᠢ”᠂ ᠲᠤᠯᠤᠭᠠᠨ ᠤ᠋ ᠲᠥᠷᠦᠯ ᠳ᠋ᠦ “ᠤᠷᠠᠨ ᠵᠣᠷᠢᠭ ᠲᠠᠢ ᠲᠣᠭᠯᠠᠭᠴᠢ”᠂ᠤ᠂ ᠹ᠂᠂ ᠥᠪᠡᠷ ᠢ᠋ ᠪᠡᠨ ᠬᠠᠮᠠᠭᠠᠯᠠᠬᠤ ᠲᠥᠷᠦᠯ ᠳ᠋ᠦ “ᠰᠢᠯᠢᠳᠡᢉ ᠤᠷᠠ ᠴᠢᠳᠠᠪᠤᠷᠢ ᠲᠠᠢ ᠲᠠᠮᠢᠷᠴᠢᠨ”-ᠭ ᠲᠤᠰ ᠲᠤᠰ ᠰᠢᠯᠭᠠᠷᠠᠭᠤᠯᠵᠤ ᠮᠧᠳᠠᠯ᠂ ᠡᠷᢉᠦᠮᠵᠢᠯᠡᠯ ᠢ᠋ᠶᠡᠷ ᠤᠷᠮᠠᠰᠢᠭᠤᠯᠬᠤ ᠪᠥᢉᠡᠳ ᠪᠠᠭ ᠤ᠋ᠨ ᠳ᠋ᠦᠩ ᠢ᠋ᠶᠡᠷ ᠲᠡᠷᠢᢉᠦᠯᠡᢉᠰᠡᠨ ᠪᠠᠭ ᠲᠤ “ᠶᠡᠷᠦᠩᢈᠡᠶᠢᠯᠡᢉᠴᠢ ᠶ᠋ᠢᠨ ᠨᠡᠷᠡᠮᠵᠢᠲᠦ ᠰᠢᠯᠵᠢᠨ ᠶᠠᠪᠤᠬᠤ ᠴᠣᠮᠤ”᠂ ᠮᠥᠩᢉᠦᠨ ᠱᠠᠩᠨᠠᠯ ᠣᠯᠭᠠᠬᠤ ᠠᠵᠡᠢ᠃ ᠲᠢᠢᠪ᠂ ᠳᠡᠯᠡᢈᠡᠢ᠂ ᠣᠯᠠᠨ ᠤᠯᠤᠰ ᠤ᠋ᠨ ᠭᠠᠷᠳᠠᠨ ᠲᠤᠯᠤᠭᠠᠨ ᠤ᠋ ᠲᠡᠮᠡᠴᠡᢉᠡᠨ ᠦ᠋ ᠳᠦᠷᠢᠮ᠂ ᠵᠢᠷᠤᠮ᠂ ᠮᠣᠩᠭᠣᠯ ᠤ᠋ᠨ ᠤᠯᠠᠮᠵᠢᠯᠠᠯᠲᠤ ᠲᠤᠯᠤᠭᠠᠨ ᠤ᠋ ᠰᠤᠷᠭᠠᠯᠲᠠ ᠲᠠᠢ ᠤᠶᠠᠯᠳᠤᠭᠤᠯᠤᠨ ᠣᠯᠠᠨ ᠤᠯᠤᠰ ᠤ᠋ᠨ ᠴᠢᠨᠠᠷᠲᠠᠢ ᠲᠡᠮᠡᠴᠡᢉᠡᠨ ᠪᠣᠯᠭᠠᠨ ᠥᠷᢉᠡᠵᠢᢉᠦᠯᠦᠨ ᠒᠑ ᠳ᠋᠋ᠡᢈᠢ ᠵᠢᠯ ᠳ᠋ᠦ ᠪᠡᠨ ᠵᠣᢈᠢᠶᠠᠨ ᠪᠠᠶᠢᠭᠤᠯᠵᠤ ᠪᠤᠢ ᠮᠣᠩᠭᠣᠯ ᠤᠯᠤᠰ ᠤ᠋ᠨ ᠶᠡᠷᠦᠩᢈᠡᠶᠢᠯᠡᢉᠴᠢ᠂ ᠵᠡᠪᠰᠡᢉᠲᠦ ᢈᠦᠴᠦᠨ ᠦ᠋ ᠶᠡᠷᠦᠩᢈᠡᠢ ᠻᠣᠮᠠᠨᠳ᠋ᠯᠠᠭᠴᠢ ᠶ᠋ᠢᠨ ᠨᠡᠷᠡᠮᠵᠢᠲᠦ “ᠰᠣᠨᠤᠰᠤᠭᠴᠢ ᠶ᠋ᠢᠨ ᠠᠯᠳᠠᠷ” ᠲᠡᠮᠡᠴᠡᢉᠡᠨ ᠳ᠋ᠦ ᠣᠷᠤᠯᠴᠠᠵᠤ ᠪᠤᠢ ᠨᠡᠶᠢᠲᠡ ᠪᠠᠭ᠂ ᠲᠠᠮᠢᠷᠴᠢᠳ ᠲᠠᠭᠠᠨ ᠠᠮᠵᠢᠯᠲᠠ ᢈᠦᠰᠡᠶᠡ᠃












100 жил
