ЦЭРГИЙН ТАНГАРАГ ӨРГӨХ ЁСЛОЛЫН АЖИЛЛАГАА БОЛЛОО
ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠳ᠋ᠤ ᠒᠐᠒᠕ ᠣᠨ ᠤ᠋ ᠬᠣᠶᠠᠳᠤᠭᠠᠷ ᠡᢉᠡᠯᠵᠢ ᠪᠡᠷ ᠲᠠᠲᠠᠭᠳᠠᠨ ᠢᠷᠡᢉᠰᠡᠨ ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢᠳ ᠤ᠋ᠨ «ᠴᠡᠷᠢᢉ ᠦ᠋ᠨ ᠲᠠᠩᠭᠠᠷᠢᠭ ᠡᠷᢉᠦᢈᠦ ᠶᠣᠰᠤᠯᠠᠯ ᠤ᠋ᠨ ᠠᠵᠢᠯᠯᠠᠭᠠ»-ᠭ ᠑᠒ ᠳ᠋ᠤᠭᠠᠷ ᠰᠠᠷᠠ ᠶ᠋ᠢᠨ ᠐᠑-ᠨᠢ ᠡᠳᠦᠷ ᠳᠣᠲᠤᠭᠠᠳᠤ ᠶ᠋ᠢᠨ ᠴᠡᠷᠢᢉ ᠦ᠋ᠨ ᠐᠕᠂ ᠘᠐᠕ ᠳ᠋᠋ᠤᠭᠠᠷ ᠠᠩᢉᠢ ᠶ᠋ᠢᠨ ᠪᠠᠶᠢᠷᠢᠯᠠᠯ ᠪᠣᠯᠤᠨ ᠡᠮᠦᠨᠡᠭᠣᠪᠢ ᠠᠶᠢᠮᠠᠭ ᠤ᠋ᠨ ᠴᠣᠭᠲᠤᠴᠡᠴᠡᠢ ᠰᠤᠮᠤ ᠶ᠋ᠢᠨ ᠘᠑᠐ ᠳ᠋ᠤᠭᠠᠷ ᠠᠩᢉᠢ ᠳ᠋ᠤ ᠵᠣᢈᠢᠶᠠᠨ ᠪᠠᠶᠢᠭᠤᠯᠤᠯᠠ᠃ ᠲᠠᠩᠭᠠᠷᠢᠭ ᠡᠷᢉᠦᢈᠦ ᠶᠣᠰᠤᠯᠠᠯ ᠤ᠋ᠨ ᠠᠷᠭᠠ ᢈᠡᠮᠵᠢᠶᠡᠨ ᠳ᠋ᠦ ᠠᠩᢉᠢ ᠪᠦᠷᠢ ᠳᠠᠶᠢᠴᠢᠨ ᠤᠯᠠᠮᠵᠢᠯᠠᠯ᠂ ᠠᠯᠳᠠᠷ ᠭᠠᠪᠢᠶᠠᠨ ᠤ᠋ ᠢᠯᠡᠷᢈᠡᠶᠢᠯᠡᠯ ᠪᠥᢉᠡᠳ ᠪᠡᠶᠡ ᠪᠦᠷᠢᠯᠳᠦᢈᠦᠨ ᠦ᠋ ᠡᠷᢈᠢᠮᠯᠡᠨ ᠳᠡᢉᠡᠳᠦᠯᠡᢈᠦ ᠠᠷᠢᠭᠤᠨ ᠰᠢᠲᠦᢉᠡᠨ᠂ ᠵᠣᠯᠪᠤᠭᠠ ᢈᠡᠶᠢᠮᠣᠷᠢ ᠶ᠋ᠢᠨ ᠪᠡᠯᢉᠡᠳᠡᠯ ᠪᠣᠯᠤᠭᠰᠠᠨ ᠪᠠᠶᠢᠯᠳᠤᠭᠠᠨ ᠤ᠋ ᠲᠤᠭ ᠢ᠋ ᢈᠦᠨᠳᠦᠳᢈᠡᠨ ᠵᠠᠯᠠᠵᠤ᠂ ᠴᠡᠷᠢᢉ ᠦ᠋ᠨ ᠲᠠᠩᠭᠠᠷᠢᠭ ᠡᠷᢉᠦᢈᠦ ᠶᠣᠰᠤᠯᠠᠯ ᠤ᠋ᠨ ᠠᠵᠢᠯᠯᠠᠭᠠ ᠡᢈᠢᠯᠡᢉᠰᠡᠨ ᠶᠤᠮ᠃ ᠤᠭ ᠠᠷᠭᠠ ᢈᠡᠮᠵᠢᠶᠡᠨ ᠳ᠋ᠦ ᠨᠡᠶᠢᠰᠯᠡᠯ ᠦ᠋ᠨ ᠴᠡᠷᠢᢉ ᠦ᠋ᠨ ᠱᠲ᠋ᠠᠪ ᠤ᠋ᠨ ᠳᠠᠷᠤᠭᠠ᠂ ᠬᠤᠷᠠᠩᠳᠠ ᠭ᠃ ᠢᠯᠠᠯᠲᠠ᠂ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠡᠳ᠋ ᠪᠥᢉᠡᠳ ᠠᠵᠢᠯᠯᠠᠭᠠᠨ ᠤ᠋ ᠤᠳᠤᠷᠢᠳᠤᠯᠭᠠ ᠶ᠋ᠢᠨ ᠭᠠᠵᠠᠷ ᠤ᠋ᠨ ᠳᠠᠷᠤᠭᠠ᠂ᠬᠤᠷᠠᠩᠳᠠ ᠵ᠂ ᠮᠥᠩᢈᠡᠰᠣᠯᠤᠩᠭᠠ ᠪᠣᠯᠤᠨ ᠱᠲ᠋ᠠᠪ ᠤ᠋ᠨ ᠳᠠᠷᠤᠭᠠ ᠶ᠋ᠢᠨ ᠵᠥᠪᠯᠡᠯ ᠦ᠋ᠨ ᢉᠡᠰᠢᢉᠦᠳ᠂ ᢈᠦᠨᠳᠦᠲᠦ ᠵᠣᠴᠢᠳ᠂ ᠠᠯᠪᠠ ᠬᠠᠭᠠᠭᠴᠢᠳ᠂ ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢ ᠳ᠋ᠤ ᠲᠡᠳᠡᠨ ᠦ᠋ ᠠᠷᠤ ᢉᠡᠷ ᠦ᠋ᠨ ᠲᠥᠯᠦᢉᠡᠯᠡᠯ ᠣᠷᠤᠯᠴᠠᠯᠠ᠃ ᠠᠷᠭᠠ ᢈᠡᠮᠵᠢᠶᠡᠨ ᠦ᠋ ᢈᠦᠷᠢᠶᠡᠨ ᠳ᠋ᠦ ᠰᠢᠨᠡᢈᠡᠨ ᠳᠠᠶᠢᠴᠢᠳ ᠑ ᠰᠠᠷᠠ ᠶ᠋ᠢᠨ ᠬᠤᠭᠤᠴᠠᠭᠠᠨ ᠳ᠋ᠤ ᠪᠡᠯᠡᠳᢈᠡᢉᠰᠡᠨ ᠭᠠᠷᠳᠠᠨ ᠲᠤᠯᠤᠭᠠᠨ᠂ ᠵᠡᠪᠰᠡᢉ ᠲᠡᠢ᠂ ᠵᠡᠪᠰᠡᢉ ᠦᢉᠡᠢ ᠵᠢᠭᠰᠠᠭᠠᠯ ᠤ᠋ᠨ ᠦᠵᠡᢉᠦᠯᢈᠦ ᠲᠣᠭᠯᠠᠯᠲᠠ᠂ ᠤᠷᠠᠯᠢᠭ ᠤ᠋ᠨ ᠲᠣᠭᠯᠠᠯᠲᠠ ᠶ᠋ᠢ ᠦᠵᠡᢉᠦᠯᠵᠦ᠂ ᠴᠡᠷᠢᢉ ᠡᢈᠡ ᠣᠷᠤᠨᠴᠢ ᢈᠦᠮᠦᠵᠢᠯ᠂ ᠴᠡᠷᠢᢉ ᠦ᠋ᠨ ᠡᠷᠳᠡᠮ ᠳ᠋ᠦ ᢈᠡᠷᢈᠢᠨ ᠰᠤᠷᠤᠯᠴᠠᠵᠤ ᠪᠤᠢ ᠪᠠᠨ ᠳᠠᠷᠤᠭᠠ ᠵᠠᢈᠢᠷᠤᠭᠴᠢ᠂ ᠠᠷᠤ ᢉᠡᠷ ᠦ᠋ᠨ ᢈᠢᠨ ᠳ᠋ᠦ ᠪᠡᠨ ᠰᠣᠨᠢᠷᠬᠠᠭᠤᠯᠤᠯᠠ᠃ ᠮᠥᠨ ᢈᠦᠷᠦᠯᠴᠡᠨ ᠢᠷᠡᢉᠰᠡᠨ ᠵᠣᠴᠢᠳ᠂ ᠠᠷᠤ ᢉᠡᠷ ᠦ᠋ᠨ ᠲᠥᠯᠦᢉᠡᠯᠡᠯ ᠢ᠋ ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢᠳ ᠲᠠᠢ ᠠᠭᠤᠯᠵᠠᠭᠤᠯᠵᠤ᠂ ᠠᠯᠪᠠ ᠬᠠᠭᠠᠵᠤ ᠪᠤᠢ ᠣᠷᠴᠢᠨ ᠨᠥᢈᠦᠴᠡᠯ ᠲᠡᠢ ᠲᠠᠨᠢᠯᠴᠠᠭᠤᠯᠤᠨ ᠴᠡᠷᠢᢉ ᠦ᠋ᠨ ᠭᠠᠯ ᠲᠣᠭᠤᠭᠠᠨ ᠳ᠋ᠤ ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢᠳ ᠤ᠋ᠨ ᠡᠳᠦᠷ ᠲᠤᠲᠤᠮ ᠤ᠋ᠨ ᠬᠣᠭᠤᠯᠠᠨ ᠤ᠋ ᠠᠮᠲᠠᠯᠠᠭᠠ ᠶ᠋ᠢ ᢈᠢᠯᢉᠡᠵᠦ᠂ ᠰᠠᠨᠠᠯ ᢈᠦᠰᠡᠯᠲᠡ ᠶ᠋ᠢ ᠨᠢ ᠰᠣᠨᠤᠰᠤᠭᠰᠠᠨ ᠶᠤᠮ᠃ ᠴᠡᠷᠢᢉ ᠦ᠋ᠨ ᠲᠠᠩᠭᠠᠷᠢᠭ ᠨᠢ ᠴᠡᠷᠢᢉ ᠦ᠋ᠨ ᠠᠯᠪᠠᠨ ᠬᠠᠭᠠᠭᠴᠢ ᠶ᠋ᠢᠨ ᠡᢈᠡ ᠣᠷᠤᠨ᠂ ᠲᠥᠷᠦ᠂ ᠠᠷᠠᠳ ᠲᠦᠮᠡᠨ ᠦ᠋ ᠪᠡᠨ ᠡᠮᠦᠨᠡ ᠡᠷᢉᠦᢉᠰᠡᠨ ᠠᠨᠳᠠᠭᠠᠢ ᠪᠥᢉᠡᠳ ᠮᠣᠩᠭᠣᠯ ᠤᠯᠤᠰ ᠢ᠋ᠶᠠᠨ ᠪᠠᠲᠤᠯᠠᠨ ᠬᠠᠮᠠᠭᠠᠯᠠᠬᠤ ᠠᠰᠤᠷᠤ ᠶᠡᢈᠡ ᠦᠨᠡ ᠴᠢᠨ᠂ ᠡᢉᠦᠷᢉᠡ᠂ ᠬᠠᠷᠢᠭᠤᠴᠠᠯᠭᠠ ᢈᠦᠯᠢᠶᠡᠯᢉᠡᢉᠰᠡᠨ ᠢᠲᠡᢉᠡᠯ ᠨᠠᠶᠢᠳᠠᠪᠤᠷᠢ ᠪᠥᢉᠡᠳ ᠴᠡᠷᠢᢉ ᠦ᠋ᠨ ᠠᠯᠪᠠᠨ ᠠ᠋ᠴᠠ ᠥᠪᠡᠷ ᠢ᠋ ᠪᠡᠨ ᠣᠯᠵᠤ ᠲᠠᠨᠢᠬᠤ᠂ ᠠᠯᠤᠰ ᠤ᠋ᠨ ᠬᠠᠷᠠᠭᠠ ᠢᠷᠡᢉᠡᠳᠦᠢ ᠪᠡᠨ ᠲᠣᠳᠤᠷᠬᠠᠶᠢᠯᠠᠬᠤ᠂ ᠡᢈᠡ ᠤᠷᠤᠨᠴᠢ ᠦᠵᠡᠯ ᠢ᠋ᠶᠡᠷ ᠲᠥᠯᠦᠪᠰᠢᢈᠦ᠂ ᠲᠡᠰᠪᠦᠷᠢ ᠬᠠᠲᠠᠭᠤᠵᠢᠯ ᠲᠠᠢ ᠪᠣᠯᠬᠤ ᠣᠯᠠᠨ ᠡᠷᢈᠢᠮ ᠴᠢᠨᠠᠷ ᠢ᠋ ᠡᠵᠡᠮᠰᠢᢈᠦ ᠶᠠᠭᠤᠮᠠ᠃ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠳ᠋ᠤ ᠠᠯᠪᠠ ᠬᠠᠭᠠᠵᠤ ᠪᠤᠢ ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢᠳ ᠢ᠋ ᠠᠯᠪᠠ ᠬᠠᠭᠠᠬᠤ ᠬᠤᠭᠤᠴᠠᠭᠠᠨ ᠳ᠋ᠤ ᠨᠢ ᠮᠡᠷᢉᠡᠵᠢᠯ ᠣᠯᠭᠤᠵᠤ᠂ ᠴᠠᠭᠳᠠᠭᠠ᠂ ᠳᠣᠲᠤᠭᠠᠳᠤ ᠶ᠋ᠢᠨ ᠴᠡᠷᠢᢉ ᠦ᠋ᠨ ᠠᠯᠪᠠ ᠬᠠᠭᠠᠭᠴᠢ ᠪᠠᠷ ᠪᠡᠯᠡᠳᢈᠡᢈᠦ᠂ ᠮᠥᠨ ᠨᠡᠶᠢᢉᠡᠮ ᠳ᠋ᠦ ᠡᠷᠢᠯᠲᠡ ᠲᠡᠢ ᠮᠡᠷᢉᠡᠵᠢᠯ ᠡᠴᠡ ᠰᠣᠩᠭᠤᠨ ᠡᠵᠡᠮᠰᠢᢉᠦᠯᠵᠦ᠂ ᠮᠡᠷᢉᠡᠵᠢᠯ ᠲᠡᠢ ᠪᠣᠯᠪᠠᠰᠤᠨ ᢈᠦᠴᠦᠨ ᠢ᠋ ᠪᠡᠯᠡᠳᢈᠡᢈᠦ᠂ ᠵᠢᠯᠤᠭᠤᠳᠬᠤ ᠡᠷᢈᠡ ᠣᠯᠭᠠᠬᠤ ᠰᠤᠷᠭᠠᠯᠲᠠ ᠳ᠋ᠤ ᠬᠠᠮᠤᠷᠤᠭᠤᠯᠤᠨ ᠠ᠂B ᠠᠩᢉᠢᠯᠠᠯ ᠤ᠋ᠨ ᠵᠢᠯᠤᠭᠤᠨ ᠤ᠋ ᠦᠨᠡᠮᠯᠡᢈᠦ ᠣᠯᠭᠤᠭᠤᠯᠤᠨ ᠵᠠᠯᠠᠭᠤ ᠦᠶᠡ ᠶ᠋ᠢᠨ ᢈᠢᠨ ᠦ᠋ ᠠᠵᠢᠯ᠂ ᠠᠮᠢᠳᠤᠷᠠᠯ ᠤ᠋ᠨ ᠭᠠᠷᠤᠭᠠ ᠶ᠋ᠢ ᠵᠥᠪ ᠢ᠋ᠶᠡᠷ ᠡᢈᠢᠯᠡᢉᠦᠯᢈᠦ ᠶ᠋ᠢ ᠵᠣᠷᠢᠨ ᠠᠵᠢᠯᠯᠠᠵᠤ ᠪᠠᠶᠢᠨᠠ᠃ ᠡᢈᠡ ᠣᠷᠤᠨ ᠢ᠋ᠶᠠᠨ ᠬᠠᠮᠠᠭᠠᠯᠠᠬᠤ᠂ ᠬᠠᠤᠯᠢ ᠶ᠋ᠢᠨ ᠳᠠᠭᠠᠭᠤ ᠴᠡᠷᠢᢉ ᠦ᠋ᠨ ᠠᠯᠪᠠ ᠬᠠᠭᠠᠬᠤ ᠦᠨᠳᠦᠰᠦᠨ ᠡᢉᠦᠷᢉᠡ ᠪᠡᠨ ᠪᠡᠶᠡᠯᠡᢉᠦᠯᢈᠦ ᠪᠡᠷ ᠰᠡᠳᢈᠢᠯ ᠦ᠋ᠨ ᠳᠠᠭᠤᠳᠠᠯᠭᠠ᠂ᢈᠦᠰᠡᠯ ᠡᠷᠡᠮᠡᠯᠵᠡᠯ ᠳ᠋ᠦ ᠪᠡᠨ ᢈᠥᠲᠦᠯᠦᢉᠳᠡᠨ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠳ᠋ᠤ ᠲᠠᠲᠠᠭᠳᠠᠨ ᠢᠷᠡᠵᠦ᠂ ᠴᠡᠷᠢᢉ ᠦ᠋ᠨ ᠠᠩᠬᠠᠨ ᠱᠠᠲᠤᠨ ᠤ᠋ ᠪᠡᠯᠡᠳᢈᠡᠯ ᠡᠵᠡᠮᠰᠢᢉᠦᠯᢈᠦ ᠰᠤᠷᠭᠠᠯᠲᠠ ᠪᠠᠨ ᠠᠮᠵᠢᠯᠲᠠᠲᠠᠢ ᠳᠦᢉᠦᠷᢉᠡᠨ᠂ ᠴᠡᠷᠢᢉ ᠦ᠋ᠨ ᠲᠠᠩᠭᠠᠷᠢᠭ ᠢ᠋ᠶᠠᠨ ᠡᠷᢉᠦᠵᠦ᠂ ᠠᠪᠤ᠂ ᠡᠵᠢ ᠶ᠋ᠢᠨ ᢈᠦ᠋ᠦ ᠡᠴᠡ ᠡᢈᠡ ᠣᠷᠤᠨ ᠤ᠋ ᠴᠡᠷᠢᢉ ᠪᠣᠯᠵᠤ ᠪᠠᠶᠢᠭᠠ ᠳᠠᠶᠢᠴᠢᠳ ᠲᠤ ᠪᠠᠨ ᠬᠠᠯᠠᠭᠤᠨ ᠪᠠᠶᠠᠷ ᢈᠦᠷᢈᠡᠶᠡ᠃ ᠮᠣᠩᠭᠣᠯ ᠤᠯᠤᠰ ᠤ᠋ᠨ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠰᠦᠷ ᢈᠦᠴᠦ᠂ ᠰᠦᠯᠳᠡ ᢈᠡᠶᠢᠮᠣᠷᠢ ᠦᠶᠡ ᠶ᠋ᠢᠨ ᠦᠶᠡ ᠳ᠋ᠦ ᠮᠠᠨᠳᠤᠨ ᠪᠠᠳᠠᠷᠠᠬᠤ ᠪᠣᠯᠲᠤᠭᠠᠢ!
















































100 жил
