ЭРҮҮ, ШҮҮЛТЭЭС АНГИД БАЙХ ХҮНИЙ ЭРХИЙН “СУРГАГЧ БАГШ БЭЛТГЭХ СУРГАЛТ”-ЫН ХААЛТЫН ҮЙЛ АЖИЛЛАГАА БОЛЛОО
ᠡᠷᠡᢉᠦᠦ᠂ ᠰᠢᢉᠦᠯᠲᠡ ᠡᠴᠡ ᠠᠩᢉᠢᠳᠠ ᠪᠠᠶᠢᠬᠤ ᢈᠦᠮᠦᠨ ᠦ᠋ ᠡᠷᢈᠡ ᠶ᠋ᠢᠨ “ᠰᠤᠷᠭᠠᠭᠴᠢ ᠪᠠᠭᠰᠢ ᠪᠡᠯᠡᠳᢈᠡᢈᠦ ᠰᠤᠷᠭᠠᠯᠲᠠ”᠆ᠤ᠋ᠨ ᠬᠠᠭᠠᠯᠲᠠ ᠶ᠋ᠢᠨ ᠦᠶᠢᠯᠡ ᠠᠵᠢᠯᠯᠠᠭᠠ ᠪᠣᠯᠤᠯᠠ
ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ᠂ᠡᠷᠡᢉᠦᠦ ᠰᠢᢉᠦᠯᠲᠡ ᠡᠴᠡ ᠤᠷᠢᠳᠴᠢᠯᠠᠨ ᠰᠡᠷᢉᠡᠶᠢᠯᠡᢈᠦ ᠦᠨᠳᠦᠰᠦᠨ ᠦ᠋ ᠠᠵᠢᠯᠯᠠᠭᠠ᠂ᠤᠯᠤᠰ ᠤ᠋ᠨ ᠶᠡᠷᠦᠩᢈᠡᠢ ᠫᠷᠣᠻᠦ᠋ᠷᠣᠷ ᠤ᠋ᠨ ᠭᠠᠵᠠᠷ᠂ ᠮᠣᠩᠭᠣᠯ ᠤ᠋ᠨ ᠥᠮᠦᢉᠡᠯᠡᢉᠴᠢᠳ ᠦ᠋ᠨ ᠬᠣᠯᠪᠤᠭᠠ᠂“ᠮᠢᠲ᠋ᠴᠧᠯᠯ ᠰᠠᠩ” ᠲᠥᠷᠦ ᠶ᠋ᠢᠨ ᠪᠤᠰᠤ ᠪᠠᠶᠢᠭᠤᠯᠤᠯᠭᠠ ᠲᠠᠢ ᠬᠠᠮᠤᠷᠤᠨ ᠡᠨᠡ ᠰᠠᠷᠠ ᠶ᠋ᠢᠨ ᠑᠑᠆ᠶ᠋ᠢᠨ ᠡᠳᠦᠷ ᠡᠴᠡ ᠑᠓᠆ᠶ᠋ᠢᠨ ᠡᠳᠦᠷ ᠦ᠋ᠨ ᠬᠤᠭᠤᠴᠠᠭᠠᠨ ᠳ᠋ᠤ ᠵᠣᢈᠢᠶᠠᠨ ᠪᠠᠶᠢᠭᠤᠯᠤᠭᠰᠠᠨ “ᠡᠷᠡᢉᠦᠦ ᠰᠢᢉᠦᠯᠲᠡ ᠡᠴᠡ ᠠᠩᢉᠢᠳᠠ ᠪᠠᠶᠢᠬᠤ ᢈᠦᠮᠦᠨ ᠦ᠋ ᠡᠷᢈᠡ ᠶ᠋ᠢᠨ ᠰᠤᠷᠭᠠᠭᠴᠢ ᠪᠠᠭᠰᠢ ᠪᠡᠯᠡᠳᢈᠡᢈᠦ ᠰᠤᠷᠭᠠᠯᠲᠠ” ᠠᠮᠵᠢᠯᠲᠠᠲᠠᠢ ᠵᠣᢈᠢᠶᠠᠨ ᠪᠠᠶᠢᠭᠤᠯᠤᠭᠳᠠᠵᠤ ᠠᠯᠪᠠ ᠬᠠᠭᠠᠭᠴᠢᠳ ᠲᠤ «ᠰᠤᠷᠭᠠᠭᠴᠢ ᠪᠠᠭᠰᠢ"-ᠡᠶᠢᠨ ᢉᠡᠷᠡᠴᠢᠯᠡᢉᠡ ᠭᠠᠷᠳᠠᠭᠤᠯᠬᠤ ᠦᠶᠢᠯᠡ ᠠᠵᠢᠯᠯᠠᠭᠠ ᠥᠨᠦᠳᠦᠷ (᠒᠐᠒᠖᠂᠐᠒᠂᠑᠓) ᠪᠣᠯᠤᠯᠠ᠃ ᠠᠷᠭᠠ ᢈᠡᠮᠵᠢᠶᠡᠨ ᠳ᠋ᠦ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ ᠬᠤᠷᠠᠩᠳᠠ ᠨ᠂ᡀᠠᠭᠪᠠᠰᠠᠶᠢᠬᠠᠨ᠂ ᠡᠷᠡᢉᠦᠦ ᠰᠢᢉᠦᠯᠲᠡ ᠡᠴᠡ ᠤᠷᠢᠳᠴᠢᠯᠠᠨ ᠰᠡᠷᢉᠡᠶᠢᠯᠡᢈᠦ ᠠᠰᠠᠭᠤᠳᠠᠯ ᠡᠷᢈᠢᠯᠡᢉᠰᠡᠨ ᢉᠡᠰᠢᢉᠦᠨ᠂ ᠬᠠᠤᠯᠢ ᠵᠦᠢ ᠶ᠋ᠢᠨ ᠳ᠋ᠣᠻᠲ᠋ᠣᠷ᠂ ᠫᠷᠣᠹᠧᠰᠰᠣᠷ ᠶᠠ᠂ᠴᠡᠯᠮᠡᠨ ᠪᠣᠯᠤᠨ ᠱᠲ᠋ᠠᠪ ᠤ᠋ᠨ ᠳᠠᠷᠤᠭᠠ ᠶ᠋ᠢᠨ ᠵᠥᠪᠯᠡᠯ ᠦ᠋ᠨ ᢉᠡᠰᠢᢉᠦᠳ᠂ ᠠᠯᠪᠠ ᠬᠠᠭᠠᠭᠴᠢᠳ ᠣᠷᠤᠯᠴᠠᠯᠠ᠃ ᠡᠨᠡ ᢈᠦ ᠰᠤᠷᠭᠠᠯᠲᠠ ᠪᠠᠷ ᠮᠣᠩᠭᠣᠯ ᠤᠯᠤᠰ ᠤ᠋ᠨ ᠦᠨᠳᠦᠰᠦᠨ ᠬᠠᠤᠯᠢ᠂ ᠣᠯᠠᠨ ᠤᠯᠤᠰ ᠤ᠋ᠨ ᢉᠡᠷᠡ᠂ᠬᠠᠤᠯᠢ ᠲᠣᠭᠲᠠᠭᠠᠮᠵᠢ ᠳ᠋ᠤ ᠲᠤᠰᠬᠠᠭᠳᠠᠭᠰᠠᠨ ᢈᠦᠮᠦᠨ ᠦ᠋ ᠡᠷᢈᠡ᠂ ᠡᠷᢈᠡ ᠴᠢᠯᠦᢉᠡ ᠶ᠋ᠢ ᠬᠠᠮᠠᠭᠠᠯᠠᠬᠤ ᠣᠨᠤᠯ ᠤ᠋ᠨ ᠮᠡᠳᠡᠯᢉᠡ ᠣᠯᠭᠤᠬᠤ ᠠ᠋ᠴᠠ ᠭᠠᠳᠠᠨᠠ ᠰᠤᠷᠭᠠᠭᠴᠢ ᠪᠠᠭᠰᠢ ᠨᠠᠷ ᠢ᠋ᠶᠠᠷ ᠳᠠᠮᠵᠢᠭᠤᠯᠤᠨ ᠳᠣᠲᠤᠭᠠᠳᠤ ᠶ᠋ᠢᠨ ᠴᠡᠷᠢᢉ ᠦ᠋ᠨ ᠠᠯᠪᠠ ᠬᠠᠭᠠᠭᠴᠢ᠂ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢᠳ ᠲᠤ ᢈᠦᠮᠦᠨ ᠦ᠋ ᠡᠷᢈᠡ ᠶ᠋ᠢᠨ ᠰᠤᠷᠭᠠᠯᠲᠠ᠂ ᠨᠥᠯᠦᢉᠡᠯᠡᠯ ᠦ᠋ᠨ ᠠᠷᠭᠠ ᢈᠡᠮᠵᠢᠶᠡ ᠵᠣᢈᠢᠶᠠᠨ ᠪᠠᠶᠢᠭᠤᠯᠬᠤ᠂ ᢈᠦᠮᠦᠨ ᠦ᠋ ᠡᠷᢈᠡ᠂ ᠡᠷᢈᠡ ᠴᠢᠯᠦᢉᠡ᠂ ᠡᠷᠡᢉᠦᠦ ᠰᠢᢉᠦᠯᠲᠡ ᠡᠴᠡ ᠠᠩᢉᠢᠳᠠ ᠪᠠᠶᠢᠬᠤ ᠡᠷᢈᠡ ᠶ᠋ᠢ ᠬᠠᠩᠭᠠᠵᠤ᠂ ᠬᠠᠮᠠᠭᠠᠯᠠᠬᠤ ᠳ᠋ᠤ ᠪᠣᠳᠠᠲᠤ ᠠᢈᠢᠴᠠ ᠳᠡᠪᠰᠢᠯ ᠭᠠᠷᠬᠤ ᠶᠤᠮ᠃
Дотоодын цэргийн байгууллага, Эрүү шүүлтээс урьдчилан сэргийлэх үндэсний ажиллагаа, Улсын ерөнхий прокурорын газар, Монголын өмгөөлөгчдийн холбоо, “Митчелл сан” төрийн бус байгууллагатай хамран энэ сарын 11-ний өдрөөс 13-ны өдрийн хугацаанд зохион байгуулсан “Эрүү шүүлтээс ангид байх хүний эрхийн сургагч багш бэлтгэх сургалт” амжилттай зохион байгуулагдаж алба хаагчдад "СУРГАГЧ БАГШ"-ийн гэрчилгээ гардуулах үйл ажиллагаа өнөөдөр (2026.02.13) боллоо.



Арга хэмжээнд Дотоодын цэргийн штабын дарга, хурандаа Н.Лхагвасайхан, Эрүү шүүлтээс урьдчилан сэргийлэх асуудал эрхэлсэн гишүүн, хууль зүйн доктор, профессор Я.Цэлмэн болон штабын даргын зөвлөлийн гишүүд, алба хаагчид оролцлоо.
Энэхүү сургалтаар Монгол Улсын Үндсэн хууль, Олон улсын гэрээ, хууль тогтоомжид тусгагдсан хүний эрх, эрх чөлөөг хамгаалах онолын мэдлэг олгохоос гадна сургагч багш нараар дамжуулан Дотоодын цэргийн алба хаагч, хугацаат цэргийн алба хаагчдад хүний эрхийн сургалт, нөлөөллийн арга хэмжээ зохион байгуулах, хүний эрх, эрх чөлөө, эрүү шүүлтээс ангид байх эрхийг хангаж, хамгаалахад бодит ахиц дэвшил гарах юм.
100 жил
