Дотоодын цэргийн байгууллагын Цэргийн ротын офицер, ахлагч бүрэлдэхүүнд чиг үүргээ хэрэгжүүлэхэд шаардагдах мэдлэг, ур чадварыг дээшлүүлэх сургалт Цагдаагийн ерөнхий газар, Зэвсэгт хүчний Жанжин штабтай хамтран амжилттай зохион байгууллаа.
ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠴᠡᠷᠢᢉ ᠦ᠋ᠨ ᠷᠣᠲ ᠤ᠋ᠨ ᠣᠹᠢᠼᠧᠷ᠂ᠠᠬᠠᠯᠠᠭᠴᠢ ᠪᠦᠷᠢᠯᠳᠦᢈᠦᠨ ᠦ᠋ ᠬᠠᠤᠯᠢ ᠪᠠᠷ ᢈᠦᠯᠢᠶᠡᢉᠰᠡᠨ ᠴᠢᢉ ᠡᢉᠦᠷᢉᠡ ᠪᠡᠨ ᢈᠡᠷᠡᢉᠵᠢᢉᠦᠯᢈᠦ ᠳ᠋ᠦ ᠱᠠᠭᠠᠷᠳᠠᠭᠳᠠᠬᠤ ᠮᠡᠳᠡᠯᢉᠡ᠂ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᠰᠤᠷᠭᠠᠯᠲᠠ ᠶ᠋ᠢ ᠡᠨᠡ ᠣᠨ ᠤ᠋ ᠐᠒ ᠳ᠋ᠤᠭᠠᠷ ᠰᠠᠷᠠ ᠶ᠋ᠢᠨ ᠑᠑᠆ᠶ᠋ᠢᠨ ᠡᠳᠦᠷ ᠡᠴᠡ ᠑᠓᠆ᠶ᠋ᠢᠨ ᠡᠳᠦᠷ ᠦ᠋ᠨ ᠬᠣᠭᠤᠷᠤᠨᠳᠤ ᠴᠠᠭᠳᠠᠭᠠ ᠶ᠋ᠢᠨ ᠶᠡᠷᠦᠩᢈᠡᠢ ᠭᠠᠵᠠᠷ᠂ ᠵᠡᠪᠰᠡᢉᠲᠦ ᢈᠦᠴᠦᠨ ᠦ᠋ ᠵᠠᠩᠵᠤᠨ ᠱᠲ᠋ᠠᠪ ᠲᠠᠢ ᠬᠠᠮᠲᠤᠷᠠᠨ ᠠᠮᠵᠢᠯᠲᠠᠲᠠᠢ ᠵᠣᢈᠢᠶᠠᠨ ᠪᠠᠶᠢᠭᠤᠯᠤᠯᠠ᠃ ᠰᠤᠷᠭᠠᠯᠲᠠ ᠪᠠᠷ ᢈᠦᠮᠦᠨ ᠦ᠋ ᠡᠷᢈᠡ ᠶ᠋ᠢᠨ ᠲᠤᠬᠠᠢ ᠣᠶᠢᠯᠠᠭᠠᠯᠲᠠ᠂ ᠴᠡᠷᠢᢉ ᠦ᠋ᠨ ᢉᠡᠮᠲᠦ ᢈᠡᠷᠡᢉ ᠡᠴᠡ ᠤᠷᠢᠳᠴᠢᠯᠠᠨ ᠰᠡᠷᢉᠡᠶᠢᠯᠡᢈᠦ ᠠᠰᠠᠭᠤᠳᠠᠯ᠂ᢈᠦᠮᠦᠨᠯᠢᢉ ᠶᠣᠰᠤᠨ ᠤ᠋ ᠦᠨᠡᠲᠦ ᠵᠦᠶᠢᠯᠡᠰ᠂ ᠮᠣᠩᠭᠣᠯ ᠤᠯᠤᠰ ᠤ᠋ᠨ ᠴᠡᠷᠢᢉ ᠦ᠋ᠨ ᠨᠡᠶᠢᠲᠡᠯᠢᢉ ᠳᠦᠷᠢᠮ ᠦ᠋ᠳ ᠪᠣᠯᠤᠨ ᠴᠡᠷᠢᢉ ᠦ᠋ᠨ ᠠᠯᠪᠠ ᠵᠣᢈᠢᠶᠠᠨ ᠪᠠᠶᠢᠭᠤᠯᠬᠤ ᠵᠢᠭᠠᠪᠤᠷᠢ ᠶ᠋ᠢᠨ ᢈᠡᠷᠡᢉᠵᠢᢉᠦᠯᢈᠦ᠂ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢ ᠨᠠᠷ ᠲᠠᠢ ᠬᠠᠷᠢᠴᠠᠬᠤ ᠤᠷᠠ ᠴᠢᠳᠠᠪᠤᠷᠢ ᠶ᠋ᠢ ᠨᠡᠮᠡᢉᠳᠡᢉᠦᠯᢈᠦ ᠴᠣᠭᠴᠠ ᠮᠡᠳᠡᠯᢉᠡ ᠶ᠋ᠢ ᠠᠯᠪᠠ ᠬᠠᠭᠠᠭᠴᠢᠳ ᠲᠤ ᠥᢉᢉᠦᢉᠰᠡᠨ ᠢ᠋ᠶᠡᠷ ᠢ᠋ᠶᠡᠨ ᠣᠨᠴᠠᠯᠢᠭ ᠪᠣᠯᠤᠯᠠ᠃ ᠬᠠᠭᠠᠯᠲᠠ ᠶ᠋ᠢᠨ ᠠᠵᠢᠯᠯᠠᠭᠠᠨ ᠳ᠋ᠤ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ ᠬᠤᠷᠠᠩᠳᠠ ᠨ᠂ᡀᠠᠭᠪᠠᠰᠠᠶᠢᠬᠠᠨ᠂ ᠮᠥᠨ ᠱᠲ᠋ᠠᠪ ᠤ᠋ᠨ ᠵᠠᢈᠢᠷᠭᠠᠨ ᠤ᠋ ᠤᠳᠤᠷᠢᠳᠤᠯᠭᠠ ᠶ᠋ᠢᠨ ᠭᠠᠵᠠᠷ ᠤ᠋ᠨ ᠳᠠᠷᠤᠭᠠ᠂ ᠬᠤᠷᠠᠩᠳᠠ ᠨ᠂ᠮᠦᠩᢈᠡ᠆ᠢᠲᠡᢉᠡᠯ᠂ᠴᠡᠷᠢᢉ ᠦ᠋ᠨ ᠠᠯᠪᠠ᠆ᠰᠤᠷᠭᠠᠯᠲᠠ᠂ ᠬᠠᠮᠲᠤ ᠶ᠋ᠢᠨ ᠠᠵᠢᠯᠯᠠᠭᠠᠨ ᠤ᠋ ᢈᠡᠯᠲᠡᠰ ᠦ᠋ᠨ ᠳᠠᠷᠤᠭᠠ᠂ ᠳᠡᠳ᠋ ᠬᠤᠷᠠᠩᠳᠠ ᠮ᠂ᠪᠠᠲᠤᠵᠣᠷᠢᠭ᠂ ᠰᠤᠷᠭᠠᠯᠲᠠ ᠰᠣᠶᠤᠨ ᢉᠡᢉᠡᠷᠡᢉᠦᠯᢈᠦ ᢈᠡᠯᠲᠡᠰ ᠦ᠋ᠨ ᠳᠠᠷᠤᠭᠠ᠂ ᠬᠤᠷᠠᠩᠳᠠ ᠬᠠ᠂ᠨᠠᠷᠠᠨᠪᠠᠭᠠᠲᠤᠷ ᠪᠣᠯᠤᠨ ᠠᠯᠪᠠ ᠬᠠᠭᠠᠭᠴᠢᠳ ᠣᠷᠤᠯᠴᠠᠯᠠ᠃ ᠰᠤᠷᠭᠠᠯᠲᠠ ᠶ᠋ᠢᠨ ᠬᠠᠭᠠᠯᠲᠠ ᠶ᠋ᠢᠨ ᠦᠶᠡ ᠪᠡᠷ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ᠬᠤᠷᠠᠩᠳᠠ ᠨᠠ᠂ᡀᠠᠭᠪᠠᠰᠠᠶᠢᠬᠠᠨ ᠠᠯᠪᠠ ᠬᠠᠭᠠᠭᠴᠢᠳ ᠲᠤ ᠬᠠᠨᠳᠤᠨ ᢈᠡᠯᠡᢉᠰᠡᠨ ᠦᢉᠡᠨ ᠳ᠋ᠦ ᠪᠡᠨ: “ᠡᠨᠡ ᢈᠦ ᠰᠤᠷᠭᠠᠯᠲᠠ ᠪᠠᠷ ᠣᠯᠵᠤ ᠠᠪᠤᠭᠰᠠᠨ ᠣᠨᠤᠯ ᠤ᠋ᠨ ᠮᠡᠳᠡᠯᢉᠡ ᠪᠡᠨ ᠪᠤᠰᠤᠳ ᠲᠤ ᠲᠦᢉᠡᢉᠡᠨ ᠳᠡᠯᢉᠡᠷᠡᢉᠦᠯᠦᠨ ᠵᠢᠭᠠᠨ ᠰᠤᠷᠭᠠᠵᠤ᠂ᠷᠣᠲ ᠤ᠋ᠨ ᠲᠦᠪᠰᠢᠨ ᠳ᠋ᠦ ᠮᠠᠩᠯᠠᠶᠢᠯᠠᠭᠴᠢ ᠪᠠᠶᠢᠵᠤ᠂ ᠦᠯᠢᢉᠡᠷᠯᠡᠨ ᠴᠢᢉᠯᠡᢉᠦᠯᠦᢉᠴᠢ᠂ ᠰᠠᢈᠢᠯᠭᠠ ᠳᠢᢉ ᠵᠢᠷᠤᠮ ᠤ᠋ᠨ ᠪᠠᠲᠤᠯᠠᠭᠠ ᠪᠠᠶᠢᠬᠤ ᠶᠣᠰᠤᠲᠠᠢ” ᢈᠡᠮᠡᠨ ᠵᠠᢈᠢᠯᠠ᠃
Сургалтаар хүний эрхийн тухай ойлголт, цэргийн гэмт хэргээс урьдчилан сэргийлэх асуудал, хүнлэг ёсны үнэт зүйлс, Монгол Улсын Цэргийн нийтлэг дүрмүүд болон Цэргийн алба зохион байгуулах зааврын хэрэгжүүлэх, хугацаат цэргийн алба хаагч нартай харьцах ур чадварыг нэмэгдүүлэх цогц мэдлэгийг алба хаагчдад өгснөөрөө онцлог боллоо.




Хаалтын ажиллагаанд Дотоодын цэргийн штабын дарга, хурандаа Н.Лхагвасайхан, мөн штабын Захиргааны удирдлагын газрын дарга, хурандаа Н.Мөнх-Итгэл, Цэргийн алба-сургалт, хамтын ажиллагааны хэлтсийн дарга, дэд хурандаа М.Батзориг, Сургалт соён гэгээрүүлэх хэлтсийн дарга, хурандаа Х.Наранбаатар болон алба хаагчид оролцлоо.
Сургалтын хаалтын үеэр Дотоодын цэргийн штабын дарга, хурандаа Н.Лхагвасайхан алба хаагчдад хандан хэлсэн үгэндээ: “Энэхүү сургалтаар олж авсан онолын мэдлэгээ бусдад түгээн дэлгэрүүлэн заан сургаж, ротын түвшинд манлайлагч байж, үлгэрлэн чиглүүлэгч, сахилга дэг журмын баталгаа байх ёстой” хэмээн захилаа.
100 жил
