ХУГАЦААТ ЦЭРГИЙН АЛБА ХААГЧДЫГ БЭЛТГЭЛЭЭР ХАЛАХ ЁСЛОЛЫН АРГА ХЭМЖЭЭ ЗОХИОН БАЙГУУЛАГДЛАА
ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢᠳ ᠢ᠋ ᠪᠡᠯᠡᠳᢈᠡᠯ ᠢ᠋ᠶᠡᠷ ᠬᠠᠯᠠᠬᠤ ᠶᠣᠰᠤᠯᠠᠯ ᠤ᠋ᠨ ᠠᠷᠭᠠ ᢈᠡᠮᠵᠢᠶᠡ ᠵᠣᢈᠢᠶᠠᠨ ᠪᠠᠶᠢᠭᠤᠯᠤᠭᠳᠠᠯᠠ
ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠳ᠋ᠤ ᠒᠐᠒᠕ ᠣᠨ ᠤ᠋ ᠨᠢᢉᠡᠳᠦᢉᠡᠷ ᠡᢉᠡᠯᠵᠢ ᠶ᠋ᠢᠨ ᠴᠡᠷᠢᢉ ᠲᠠᠲᠠᠯᠭᠠ ᠪᠠᠷ ᠲᠠᠲᠠᠭᠳᠠᠨ ᠢᠷᠡᠵᠦ᠂ᠬᠤᠭᠤᠴᠠᠭᠠᠲᠤ ᠴᠡᠷᠢᢉ ᠦ᠋ᠨ ᠠᠯᠪᠠ ᠬᠠᠭᠠᠬᠤ ᠬᠤᠭᠤᠴᠠᠭᠠ ᠨᠢ ᠳᠠᠭᠤᠰᠤᠭᠰᠠᠨ ᠲᠦᠷᠦᢉᠦᠴᠢ᠂ᠪᠠᠶᠢᠯᠳᠤᠭᠴᠢ ᠨᠠᠷ ᠢ᠋ ᠳᠣᠲᠤᠭᠠᠳᠤ ᠶ᠋ᠢᠨ ᠴᠡᠷᠢᢉ ᠦ᠋ᠨ ᠻᠣᠮᠮᠠᠨ᠋ᠳ᠋ᠯᠠᠭᠴᠢ ᠶ᠋ᠢᠨ ᠲᠤᠰᠢᠶᠠᠯ ᠤ᠋ᠨ ᠳᠠᠭᠠᠭᠤ ᠴᠡᠷᠢᢉ ᠦ᠋ᠨ ᠠᠯᠪᠠᠨ ᠠ᠋ᠴᠠ ᠪᠡᠯᠡᠳᢈᠡᠯ ᠢ᠋ᠶᠡᠷ ᠬᠠᠯᠠᠬᠤ ᠶᠣᠰᠤᠯᠠᠯ ᠤ᠋ᠨ ᠠᠷᠭᠠ ᢈᠡᠮᠵᠢᠶᠡ ᠥᠨᠦᠳᠦᠷ /᠒᠐᠒᠖᠂᠐᠔᠂᠓᠐/ ᠳᠣᠲᠤᠭᠠᠳᠤ ᠶ᠋ᠢᠨ ᠴᠡᠷᠢᢉ ᠦ᠋ᠨ ᠐᠕ ᠳ᠋ᠤᠭᠠᠷ ᠠᠩᢉᠢ ᠶ᠋ᠢᠨ ᠪᠠᠶᠢᠷᠢᠯᠠᠯ ᠳ᠋ᠤ ᠵᠣᢈᠢᠶᠠᠨ ᠪᠠᠶᠢᠭᠤᠯᠤᠭᠳᠠᠯᠠ᠃ ᠠᠷᠭᠠ ᢈᠡᠮᠵᠢᠶᠡᠨ ᠳ᠋ᠦ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠡᠳ᠋ ᠪᠥᢉᠡᠳ ᠠᠵᠢᠯᠯᠠᠭᠠᠨ ᠤ᠋ ᠤᠳᠤᠷᠢᠳᠤᠯᠭᠠ ᠶ᠋ᠢᠨ ᠭᠠᠵᠠᠷ ᠤ᠋ᠨ ᠳᠠᠷᠤᠭᠠ᠂ᠬᠤᠷᠠᠩᠳᠠ ᠵᠠ᠂ᠮᠦᠩᢈᠡᠰᠣᠯᠤᠩᠭᠠ᠂ ᠨᠡᠶᠢᠰᠯᠡᠯ ᠦ᠋ᠨ ᠴᠡᠷᠢᢉ ᠦ᠋ᠨ ᠱᠲ᠋ᠠᠪ ᠤ᠋ᠨ ᠳᠠᠷᠤᠭᠠ᠂ᠬᠤᠷᠠᠩᠳᠠ ᠭ᠂ᠢᠯᠠᠯᠲᠠ᠂ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ ᠶ᠋ᠢᠨ ᠵᠥᠪᠯᠡᠯ ᠦ᠋ᠨ ᢉᠡᠰᠢᢉᠦᠳ᠂ ᠮᠥᠨ ᠳᠣᠲᠤᠭᠠᠳᠤ ᠶ᠋ᠢᠨ ᠴᠡᠷᠢᢉ ᠦ᠋ᠨ ᠐᠕᠂ ᠘᠐᠕᠂ ᠘᠑᠐ ᠳ᠋ᠤᠭᠠᠷ ᠠᠩᢉᠢ ᠪᠣᠯᠤᠨ ᠘᠓᠗ ᠳ᠋ᠤᠭᠠᠷ ᠲᠤᠰᠬᠠᠢ ᠰᠠᠯᠪᠤᠷᠢ ᠶ᠋ᠢᠨ ᠪᠡᠶᠡ ᠪᠦᠷᠢᠯᠳᠦᢈᠦᠨ ᠣᠷᠤᠯᠴᠠᠯᠠ᠃ ᠮᠥᠨ ᠡᢈᠡ ᠣᠷᠤᠨ ᠤ᠋ ᠪᠠᠨ ᠳᠣᠲᠤᠭᠠᠳᠤ ᠠᠶᠤᠯ ᠦᢉᠡᠢ ᠪᠠᠶᠢᠳᠠᠯ᠂ ᠠᠷᠠᠳ ᠢᠷᢉᠡᠳ ᠦ᠋ᠨ ᠢ᠋ᠶᠡᠨ ᠠᠮᠤᠷ ᠲᠠᠶᠢᠪᠤᠩ ᠠᠮᠢᠳᠤᠷᠠᠯ ᠤ᠋ᠨ ᠲᠥᠯᠦᢉᠡ ᢈᠦᠴᠦᠨ ᠵᠢᠳᢈᠦᢈᠦ ᢈᠦᠰᠡᠯᠲᠡᠢ ᠘᠘ ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢ ᠴᠠᠭᠳᠠᠭᠠ᠂ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠳ᠋ᠤ ᠠᠵᠢᠯᠯᠠᠬᠤ ᠪᠠᠷ ᢈᠦᠰᠡᠯᠲᠡ ᠭᠠᠷᠭᠠᠨ᠂ “ᠴᠠᠭᠳᠠᠭᠠ”, “ᠴᠠᠭᠳᠠᠭᠠ ᠵᠢᠯᠤᠭᠤᠴᠢ”, “ᠬᠠᠮᠠᠭᠠᠯᠠᠯᠲᠠ ᠶ᠋ᠢᠨ ᠠᠵᠢᠯᠲᠠᠨ” ᠮᠡᠷᢉᠡᠵᠢᠯ ᠣᠯᠭᠤᠬᠤ ᠰᠤᠷᠭᠠᠯᠲᠠ ᠳ᠋ᠤ ᠠᠮᠵᠢᠯᠲᠠᠲᠠᠢ ᠬᠠᠮᠤᠷᠤᠭᠳᠠᠵᠤ᠂ ᢉᠡᠷᠡᠴᠢᠯᠡᢉᠡ ᠪᠡᠨ ᠭᠠᠷᠳᠠᠨ ᠠᠪᠤᠯᠠ᠃ ᠲᠡᠳᠡ ᠴᠠᠭᠠᠰᠢᠳᠠ ᠴᠠᠭᠳᠠᠭᠠ᠂ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠠᠬᠠᠯᠠᠭᠴᠢ ᠪᠦᠷᠢᠯᠳᠦᢈᠦᠨ ᠳ᠋ᠦ ᠨᠢᢉᠡᠳᠦᠨ᠂ ᠮᠥᠷᠦ ᠵᠡᠷᢉᠡᠴᠡᠨ ᠡᢉᠦᠷᢉᠡ ᢉᠦᠶᠢᠴᠡᠳᢈᠡᢈᠦ ᠶᠤᠮ
Дотоодын цэргийн байгууллагад 2025 оны нэгдүгээр ээлжийн цэрэг татлагаар татагдан ирж, хугацаат цэргийн алба хаах хугацаа нь дууссан түрүүч, байлдагч нарыг Дотоодын цэргийн командлагчийн тушаалын дагуу цэргийн албанаас бэлтгэлээр халах ёслолын арга хэмжээ өнөөдөр /2026.04.30/ Дотоодын цэргийн 05 дугаар ангийн байрлалд зохион байгуулагдлаа.




Арга хэмжээнд Дотоодын цэргийн штабын Дэд бөгөөд Ажиллагааны удирдлагын газрын дарга, хурандаа Ж.Мөнхсолонго, Нийслэлийн цэргийн штабын дарга, хурандаа Г.Ялалт, Дотоодын цэргийн штабын даргын зөвлөлийн гишүүд, мөн Дотоодын цэргийн 05, 805, 810 дугаар анги болон 837 дугаар тусгай салбарын бие бүрэлдэхүүн оролцлоо.
Мөн эх орныхоо дотоод аюулгүй байдал, ард иргэдийнхээ амар тайван амьдралын төлөө хүчин зүтгэх хүсэлтэй 88 хугацаат цэргийн алба хаагч цагдаа, дотоодын цэргийн байгууллагад ажиллахаар хүсэлт гарган, “Цагдаа”, “Цагдаа жолооч”, “Хамгаалалтын ажилтан” мэргэжил олгох сургалтад амжилттай хамрагдаж, гэрчилгээгээ гардан авлаа. Тэд цаашид Цагдаа, дотоодын цэргийн байгууллагын ахлагч бүрэлдэхүүнд нэгдэн, мөр зэрэгцэн үүрэг гүйцэтгэх юм.
100 жил
