“ЗАЛУУ ОФИЦЕРУУДЫН ХӨГЖЛИЙН ЖИЛ”-ИЙН НЭЭЛТ БОЛЛОО
“ᠵᠠᠯᠠᠭᠤ ᠣᠹᠢᠼᠧᠷ ᠤ᠋ᠳ ᠤ᠋ᠨ ᢈᠥᢉᠵᠢᠯ ᠦ᠋ᠨ ᠵᠢᠯ”᠆ᠡᠶᠢᠨ ᠨᠡᢉᠡᢉᠡᠯᠲᠡ ᠪᠣᠯᠤᠯᠠ
ᠮᠣᠩᠭᠣᠯ ᠤᠯᠤᠰ ᠤ᠋ᠨ ᠶᠡᠷᠦᠩᢈᠡᠶᠢᠯᠡᢉᠴᠢ᠂ ᠵᠡᠪᠰᠡᢉᠲᠦ ᢈᠦᠴᠦᠨ ᠦ᠋ ᠶᠡᠷᠦᠩᢈᠡᠢ ᠻᠣᠮᠮᠠᠨ᠋ᠳ᠋ᠯᠠᠭᠴᠢ ᠤᠬᠤᠨᠠ ᠶ᠋ᠢᠨ ᢈᠦᠷᠡᠯᠰᠦ᠋ᢈᠡ ᠒᠐᠒᠖ ᠣᠨ ᠢ᠋ “ᠵᠠᠯᠠᠭᠤ ᠣᠹᠢᠼᠧᠷ ᠤ᠋ᠳ ᠤ᠋ᠨ ᢈᠥᢉᠵᠢᠯ ᠦ᠋ᠨ ᠵᠢᠯ” ᠪᠣᠯᠭᠠᠨ ᠵᠠᠷᠯᠠᠭᠰᠠᠨ ᠲᠠᠢ ᠬᠣᠯᠪᠤᠭᠳᠠᠭᠤᠯᠤᠨ ᠥᠨᠦᠳᠦᠷ ᠨᠡᢉᠡᢉᠡᠯᠲᠡ ᠶ᠋ᠢᠨ ᠠᠷᠭᠠ ᢈᠡᠮᠵᠢᠶᠡ ᠵᠣᢈᠢᠶᠠᠨ ᠪᠠᠶᠢᠭᠤᠯᠤᠭᠳᠠᠯᠠ᠃ ᠠᠷᠭᠠ ᢈᠡᠮᠵᠢᠶᠡᠨ ᠳ᠋ᠦ ᠲᠥᠷᠦ ᠶ᠋ᠢᠨ ᠴᠡᠷᠢᢉ ᠦ᠋ᠨ ᠪᠣᠯᠤᠨ ᠬᠠᠤᠯᠢ ᠰᠠᢈᠢᠭᠤᠯᠬᠤ ᠪᠠᠶᠢᠭᠤᠯᠤᠯᠭᠠ ᠨᠤᠭᠤᠳ ᠤ᠋ᠨ ᠤᠳᠤᠷᠢᠳᠤᠯᠭᠠ᠂ᠵᠠᠯᠠᠭᠤ ᠣᠹᠢᠼᠧᠷ ᠤ᠋ᠳ ᠤ᠋ᠨ ᠲᠥᠯᠦᢉᠡᠯᠡᠯ ᠣᠷᠤᠯᠴᠠᠵᠤ᠂ ᠰᠠᠯᠪᠤᠷᠢ ᠶ᠋ᠢᠨ ᢈᠦᠮᠦᠨ ᠦ᠋ ᠨᠥᢉᠡᠴᠡ ᠶ᠋ᠢᠨ ᠪᠣᠳᠤᠯᠭᠠ᠂ ᢈᠥᢉᠵᠢᠯ ᠦ᠋ᠨ ᠴᠢᢉ ᠬᠠᠨᠳᠤᠯᠭᠠ᠂ ᠴᠠᠭᠠᠰᠢᠳᠠ ᢈᠡᠷᠡᢉᠵᠢᢉᠦᠯᢈᠦ ᢈᠥᠲᠦᠯᠪᠦᠷᠢ᠂ ᠠᠷᠭᠠ ᢈᠡᠮᠵᠢᠶᠡᠨ ᠦ᠋ ᠲᠠᠯᠠᠭᠠᠷ ᠲᠠᠨᠢᠯᠴᠠᠭᠤᠯᠤᠭᠰᠠᠨ ᠶᠤᠮ᠃ ᠥᠨᠦᠳᠦᠷ ᠦ᠋ᠨ ᠪᠠᠶᠢᠳᠠᠯ ᠢ᠋ᠶᠠᠷ ᠲᠥᠷᠦ ᠶ᠋ᠢᠨ ᠴᠡᠷᠢᢉ ᠦ᠋ᠨ ᠪᠣᠯᠤᠨ ᠬᠠᠤᠯᠢ ᠰᠠᢈᠢᠭᠤᠯᠬᠤ ᠪᠠᠶᠢᠭᠤᠯᠤᠯᠭᠠ ᠶ᠋ᠢᠨ ᠨᠡᠶᠢᠲᠡ ᠪᠦᠷᠢᠯᠳᠦᢈᠦᠨ ᠦ᠋ ᠓᠘ ᠭᠠᠷᠤᠢ ᠬᠤᠪᠢ ᠶ᠋ᠢ ᠳᠡᠰᠯᠡᢉᠴᠢ ᠡᠴᠡ ᠬᠣᠰᠢᠭᠤᠴᠢ ᢈᠦᠷᠲᠡᠯᠡᢈᠢ ᠴᠣᠯᠠᠲᠠᠢ ᠵᠠᠯᠠᠭᠤ ᠣᠹᠢᠼᠧᠷ ᠤ᠋ᠳ ᠡᠵᠡᠯᠡᠵᠦ ᠪᠠᠶᠢᠭᠠ ᠪᠥᢉᠡᠳ ᠲᠡᠳᠡᠨ ᠦ᠋ ᠖᠐ ᠣᠷᠴᠢᠮ ᠬᠤᠪᠢ ᠨᠢ ᠣᠷᠤᠨ ᠨᠤᠲᠤᠭ ᠲᠤ ᠡᢉᠦᠷᢉᠡ ᢉᠦᠶᠢᠴᠡᠳᢈᠡᠵᠦ ᠪᠠᠶᠢᠨᠠ᠃ ᠡᠶᠢᠮᠦ ᠳ᠋ᠦ ᠲᠤᠰ ᢈᠥᢉᠵᠢᠯ ᠦ᠋ᠨ ᠵᠢᠯ ᠳ᠋ᠦ ᠠᠯᠪᠠ ᠬᠠᠭᠠᠭᠴᠢᠳ ᠤ᠋ᠨ ᠨᠡᠶᠢᢉᠡᠮ ᠦ᠋ᠨ ᠪᠠᠲᠤᠯᠠᠭᠠ᠂ ᠠᠵᠢᠯᠯᠠᠬᠤ ᠣᠷᠴᠢᠨ ᠢ᠋ ᠰᠠᠶᠢᠵᠢᠷᠠᠭᠤᠯᠬᠤ᠂ ᠲᠣᠭᠲᠠᠪᠤᠷᠢᠲᠠᠢ ᠪᠠᠶᠢᠳᠠᠯ ᠢ᠋ ᠬᠠᠩᠭᠠᠬᠤ ᠵᠣᠷᠢᠯᠭᠠ ᠪᠠᠷ ᠕᠐ ᠭᠠᠷᠤᠢ ᠠᠵᠢᠯ᠂ ᠠᠷᠭᠠ ᢈᠡᠮᠵᠢᠶᠡ ᠶ᠋ᠢ ᢈᠡᠷᠡᢉᠵᠢᢉᠦᠯᢈᠦ ᠪᠡᠷ ᠲᠥᠯᠦᠪᠯᠡᢉᠡᠳ ᠪᠠᠶᠢᠨᠠ᠃ ᠲᠤᠬᠠᠶᠢᠯᠠᠪᠠᠯ:
• ᠮᠡᠷᢉᠡᠵᠢᠯ ᠦ᠋ᠨ ᠤᠷᠠ ᠴᠢᠳᠠᠪᠤᠷᠢ᠂ ᠭᠠᠳᠠᠭᠠᠳᠤ ᢈᠡᠯᠡ᠂ ᠮᠠᠩᠯᠠᠶᠢᠯᠠᠯ ᠢ᠋ ᢈᠥᢉᠵᠢᢉᠦᠯᢈᠦ
• ᠭᠠᠳᠠᠭᠠᠳᠤ᠂ᠳᠣᠲᠤᠭᠠᠳᠤ ᠶ᠋ᠢᠨ ᠰᠤᠷᠭᠠᠯᠲᠠ ᠳ᠋ᠤ ᠬᠠᠮᠤᠷᠤᠭᠤᠯᠵᠤ᠂ ᠮᠡᠷᢉᠡᠰᠢᢉᠦᠯᢈᠦ ᢈᠥᠲᠦᠯᠪᠦᠷᠢ ᠶ᠋ᠢ ᠨᠡᠮᠡᢉᠳᠡᢉᠦᠯᢈᠦ
• ᠣᠷᠤᠨ ᠨᠤᠲᠤᠭ ᠲᠤ ᠠᠵᠢᠯᠯᠠᠵᠤ ᠪᠤᠢ ᠠᠯᠪᠠ ᠬᠠᠭᠠᠭᠴᠢᠳ ᠤ᠋ᠨ ᠨᠡᠶᠢᢉᠡᠮ ᠦ᠋ᠨ ᠬᠠᠮᠠᠭᠠᠯᠠᠯ ᠢ᠋ ᠰᠠᠶᠢᠵᠢᠷᠠᠭᠤᠯᠬᠤ
• ᠠᠯᠪᠠ ᠬᠠᠭᠠᠭᠴᠢᠳ ᠤ᠋ᠨ ᢉᠡᠷ ᠪᠦᠯᠢ ᠶ᠋ᠢ ᠳᠡᠮᠵᠢᢈᠦ ᠵᠠᠮ ᠢ᠋ᠶᠠᠷ ᠡᠷᠦᢈᠡ ᠶ᠋ᠢᠨ ᠣᠷᠤᠯᠭᠠ ᠶ᠋ᠢ ᠨᠡᠮᠡᢉᠳᠡᢉᠦᠯᢈᠦ
• ᠲᠥᠷᠦ ᠶ᠋ᠢᠨ ᠪᠣᠯᠤᠨ ᠬᠠᠤᠯᠢ ᠰᠠᢈᠢᠭᠤᠯᠬᠤ ᠪᠠᠶᠢᠭᠤᠯᠤᠯᠭᠠ ᠶ᠋ᠢᠨ ᠠᠯᠪᠠ ᠬᠠᠭᠠᠭᠴᠢᠳ ᠤ᠋ᠨ ᠬᠠᠮᠲᠤ ᠶ᠋ᠢᠨ ᠠᠵᠢᠯᠯᠠᠭᠠ᠂ᠬᠠᠷᠢᠯᠴᠠᠨ ᠳᠡᠮᠵᠢᢈᠦ᠂ ᠣᠷᠤᠯᠠᠬᠤ ᠴᠢᠳᠠᠪᢈᠢ ᠶ᠋ᠢ ᠪᠡᢈᠢᠵᠢᢉᠦᠯᢈᠦ ᠵᠡᠷᢉᠡ ᠪᠠᠭᠲᠠᠵᠤ ᠪᠠᠶᠢᠨᠠ᠃
Монгол Улсын Ерөнхийлөгч, Зэвсэгт хүчний Ерөнхий командлагч Ухнаагийн Хүрэлсүх 2026 оныг “Залуу офицеруудын хөгжлийн жил” болгон зарласантай холбогдуулан өнөөдөр нээлтийн арга хэмжээ зохион байгуулагдлаа.




Арга хэмжээнд төрийн цэргийн болон хууль сахиулах байгууллагуудын удирдлага, залуу офицеруудын төлөөлөл оролцож, салбарын хүний нөөцийн бодлого, хөгжлийн чиг хандлага, цаашид хэрэгжүүлэх хөтөлбөр, арга хэмжээний талаар танилцуулсан юм.
Өнөөдрийн байдлаар төрийн цэргийн болон хууль сахиулах байгууллагын нийт бүрэлдэхүүний 38 гаруй хувийг дэслэгчээс хошууч хүртэлх цолтой залуу офицерууд эзэлж байгаа бөгөөд тэдний 60 орчим хувь нь орон нутагт үүрэг гүйцэтгэж байна.
Иймд тус хөгжлийн жилд алба хаагчдын нийгмийн баталгаа, ажиллах орчныг сайжруулах, тогтвортой байдлыг хангах зорилгоор 50 гаруй ажил, арга хэмжээг хэрэгжүүлэхээр төлөвлөөд байна. Тухайлбал:
• Мэргэжлийн ур чадвар, гадаад хэл, манлайллыг хөгжүүлэх
• Гадаад, дотоодын сургалтад хамруулж, мэргэшүүлэх хөтөлбөрийг нэмэгдүүлэх
• Орон нутагт ажиллаж буй алба хаагчдын нийгмийн хамгааллыг сайжруулах
• Алба хаагчдын гэр бүлийг дэмжих замаар өрхийн орлогыг нэмэгдүүлэх
• Төрийн болон хууль сахиулах байгууллагын алба хаагчдын хамтын ажиллагаа, харилцан дэмжих, орлох чадавхыг бэхжүүлэх зэрэг багтаж байна.
100 жил
