Монгол Улсын Ерөнхийлөгч У.Хүрэлсүх хууль зүй, дотоод хэргийн салбарын бие бүрэлдэхүүнтэй уулзлаа
ᠮᠣᠩᠭᠣᠯ ᠤᠯᠤᠰ ᠤ᠋ᠨ ᠶᠡᠷᠦᠩᢈᠡᠶᠢᠯᠡᢉᠴᠢ ᠤ᠂ᢈᠦᠷᠡᠯᠰᠦ᠋ᢈᠡ ᠬᠠᠤᠯᠢ ᠵᠦᠢ᠂ ᠳᠣᠲᠤᠭᠠᠳᠤ ᢈᠡᠷᠡᢉ ᠦ᠋ᠨ ᠰᠠᠯᠪᠤᠷᠢ ᠶ᠋ᠢᠨ ᠪᠡᠶᠡ ᠪᠦᠷᠢᠯᠳᠦᢈᠦᠨ ᠲᠡᠢ ᠠᠭᠤᠯᠵᠠᠯᠠ
ᠮᠣᠩᠭᠣᠯ ᠤᠯᠤᠰ ᠤ᠋ᠨ ᠶᠡᠷᠦᠩᢈᠡᠶᠢᠯᠡᢉᠴᠢ᠂ ᠵᠡᠪᠰᠡᢉᠲᠦ ᢈᠦᠴᠦᠨ ᠦ᠋ ᠶᠡᠷᠦᠩᢈᠡᠢ ᠻᠣᠮᠮᠠᠨ᠋ᠳ᠋ᠯᠠᠭᠴᠢ ᠤᠬᠤᠨᠠ ᠶ᠋ᠢᠨ ᢈᠦᠷᠡᠯᠰᠦ᠋ᢈᠡ᠂ᠬᠠᠤᠯᠢ ᠵᠦᠢ᠂ ᠳᠣᠲᠤᠭᠠᠳᠤ ᢈᠡᠷᠡᢉ ᠦ᠋ᠨ ᠰᠠᠶᠢᠳ ᠰᠠ᠂ᠠᠮᠤᠷᠰᠠᠶᠢᠬᠠᠨ ᠨᠠᠷ ᠥᠨᠦᠳᠦᠷ /᠒᠐᠒᠖᠂᠐᠕᠂᠑᠔/ ᠬᠠᠤᠯᠢ ᠵᠦᠢ᠂ ᠳᠣᠲᠤᠭᠠᠳᠤ ᢈᠡᠷᠡᢉ ᠦ᠋ᠨ ᠰᠠᠯᠪᠤᠷᠢ ᠶ᠋ᠢᠨ ᠪᠡᠶᠡ ᠪᠦᠷᠢᠯᠳᠦᢈᠦᠨ ᠲᠡᠢ ᠠᠭᠤᠯᠵᠠᠯᠲᠠ ᠵᠣᢈᠢᠶᠠᠨ ᠪᠠᠶᠢᠭᠤᠯᠤᠯᠠ᠃ ᠠᠭᠤᠯᠵᠠᠯᠲᠠ ᠳ᠋ᠤ ᠬᠠᠤᠯᠢ ᠰᠠᢈᠢᠭᠤᠯᠬᠤ ᠪᠠᠶᠢᠭᠤᠯᠤᠯᠭᠠ ᠶ᠋ᠢᠨ ᠤᠳᠤᠷᠢᠳᠤᠯᠭᠠ᠂ ᠣᠹᠢᠼᠧᠷ᠂ᠠᠬᠠᠯᠠᠭᠴᠢ᠂ ᠠᠯᠪᠠ ᠬᠠᠭᠠᠭᠴᠢᠳ ᠤ᠋ᠨ ᠲᠥᠯᠦᢉᠡᠯᠡᠯ ᠣᠷᠤᠯᠴᠠᠵᠤ᠂ ᠰᠠᠯᠪᠤᠷᠢ ᠶ᠋ᠢᠨ ᢈᠡᠮᠵᠢᠶᠡᠨ ᠳ᠋ᠦ ᢈᠡᠷᠡᢉᠵᠢᢉᠦᠯᠵᠦ ᠪᠤᠢ ᠪᠣᠳᠤᠯᠭᠠ᠂ᠦᠶᠢᠯᠡ ᠠᠵᠢᠯᠯᠠᠭᠠ᠂ ᢈᠦᠮᠦᠨ ᠦ᠋ ᠨᠥᢉᠡᠴᠡ᠂ ᠨᠡᠶᠢᢉᠡᠮ ᠦ᠋ᠨ ᠪᠠᠲᠤᠯᠠᠭᠠ᠂ ᠰᠠᢈᠢᠯᠭᠠ ᠬᠠᠷᠢᠭᠤᠴᠠᠯᠭᠠ ᠶ᠋ᠢᠨ ᠴᠢᢉᠯᠡᠯ ᠢ᠋ᠶᠡᠷ ᢈᠡᠷᠡᢉᠵᠢᢉᠦᠯᠵᠦ ᠪᠤᠢ ᠠᠵᠢᠯ ᠤ᠋ᠨ ᠲᠠᠯᠠᠭᠠᠷ ᠰᠠᠨᠠᠯ ᠰᠣᠯᠢᠯᠴᠠᠪᠠ᠃ ᠡᠨᠡ ᠦᠶᠡ ᠪᠡᠷ ᠰᠠᠯᠪᠤᠷᠢ ᠳ᠋ᠤ ᠪᠠᠨ ᠦᠷᠡ ᠪᠦᠲᠦᢉᠡᠯᠲᠡᠢ ᠠᠵᠢᠯᠯᠠᠵᠤ᠂ ᠡᠷᢈᠢᠯᠡᢉᠰᠡᠨ ᠠᠵᠢᠯ ᠳ᠋ᠤ ᠪᠠᠨ ᠥᠨᠳᠦᠷ ᠠᠮᠵᠢᠯᠲᠠ ᠭᠠᠷᠭᠠᠭᠰᠠᠨ ᠨᠡᠷᠡ ᠪᠦᢈᠦᠢ ᠠᠯᠪᠠ ᠬᠠᠭᠠᠭᠴᠢᠳ ᠲᠤ ᠲᠥᠷᠦ ᠶ᠋ᠢᠨ ᠳᠡᢉᠡᠳᠦ ᠣᠳᠤᠨ᠂ ᠮᠧᠳᠠᠯ ᠭᠠᠷᠳᠠᠭᠤᠯᠤᠭᠰᠠᠨ ᠶᠤᠮ᠃ ᠴᠠᠭᠳᠠᠭᠠ᠂ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠠ᠋ᠴᠠ “ᠮᠣᠩᠭᠣᠯ ᠤᠯᠤᠰ ᠤ᠋ᠨ ᠭᠠᠪᠢᠶᠠᠲᠤ ᠬᠠᠤᠯᠢᠴᠢ” ᠴᠣᠯᠠ᠂ᠲᠡᠮᠳᠡᢉ ᠢ᠋ᠶᠡᠷ ᠰᠠᠩᢈᠦᠦ᠂ ᠠᠷᠤ ᠲᠠᠯᠠ ᠶ᠋ᠢᠨ ᠠᠯᠪᠠᠨ ᠤ᠋ ᠳᠠᠷᠤᠭᠠ᠂ ᠴᠠᠭᠳᠠᠭᠠ ᠶ᠋ᠢᠨ ᠬᠤᠷᠠᠩᠳᠠ ᠳ᠂ᠪᠠᠲᠤᠴᠢᠯᠠᠭᠤᠨ;
“ᠦᠶᠢᠯᠡᠴᠢᠯᠡᢉᠡᠨ ᠦ᠋ ᠭᠠᠪᠢᠶᠠᠲᠤ ᠠᠵᠢᠯᠲᠠᠨ” ᠴᠣᠯᠠ᠂ᠲᠡᠮᠳᠡᢉ ᠢ᠋ᠶᠡᠷ ᠳᠣᠲᠤᠭᠠᠳᠤ ᠶ᠋ᠢᠨ ᠴᠡᠷᠢᢉ ᠦ᠋ᠨ ᠘᠐᠕ ᠳ᠋ᠤᠭᠠᠷ ᠠᠩᢉᠢ ᠶ᠋ᠢᠨ ᠵᠠᢈᠢᠷᠤᠭᠴᠢ᠂ ᠬᠤᠷᠠᠩᠳᠠ ᠵᠠ᠂ᠲᠦᠮᠡᠨᠲᠤᠯᠭᠠ;
“ᠴᠡᠷᠢᢉ ᠦ᠋ᠨ ᠭᠠᠪᠢᠶᠠᠨ ᠤ᠋ ᠤᠯᠠᠭᠠᠨ ᠲᠤᠭ ᠤ᠋ᠨ ᠣᠳᠤᠨ”᠆ᠣᠣᠷ ᠲᠡᢉᠡᢉᠡᠪᠦᠷᠢ ᠶ᠋ᠢᠨ ᠴᠠᠭᠳᠠᠭᠠ ᠶ᠋ᠢᠨ ᠠᠯᠪᠠᠨ ᠤ᠋ ᠵᠠᠮ ᠤ᠋ᠨ ᠴᠠᠭᠳᠠᠭᠠ ᠶ᠋ᠢᠨ ᠭᠠᠵᠠᠷ ᠤ᠋ᠨ ᠨᠡᠶᠢᠰᠯᠡᠯ ᠦ᠋ᠨ ᠵᠠᠮ ᠤ᠋ᠨ ᢈᠥᠳᠡᠯᢉᠡᢉᠡᠨ ᠵᠣᢈᠢᠴᠠᠭᠤᠯᠬᠤ ᢈᠡᠯᠲᠡᠰ ᠦ᠋ᠨ ᠳᠠᠷᠤᠭᠠ᠂ᠴᠠᠭᠳᠠᠭᠠ ᠶ᠋ᠢᠨ ᠬᠤᠷᠠᠩᠳᠠ ᠴ᠂ᠪᠠᠲᠤᠪᠣᠯᠤᠳ;
ᠴᠠᠭᠳᠠᠭᠠ᠂ ᠳᠣᠲᠤᠭᠠᠳᠤ ᠶ᠋ᠢᠨ ᠴᠡᠷᠢᢉ ᠦ᠋ᠨ ᠰᠤᠷᠭᠠᠯᠲᠠ ᠶ᠋ᠢᠨ ᠨᠢᢉᠡᠳᠦᢉᠰᠡᠨ ᠲᠥᠪ ᠦ᠋ᠨ ᠡᠩᢈᠡ ᠶ᠋ᠢ ᠳᠡᠮᠵᠢᢈᠦ ᠠᠵᠢᠯᠯᠠᠭᠠᠨ ᠤ᠋ ᠰᠤᠷᠭᠠᠯᠲᠠ᠂ᠪᠡᠯᠡᠳᢈᠡᠯ ᠦ᠋ᠨ ᢈᠡᠯᠲᠡᠰ ᠦ᠋ᠨ ᠳᠠᠷᠤᠭᠠ᠂ ᠴᠠᠭᠳᠠᠭᠠ ᠶ᠋ᠢᠨ ᠬᠤᠷᠠᠩᠳᠠ ᠫ᠂ᠳᠠᠸᠠᠵᠠᠪ;
ᠤᠷᠢᠳᠴᠢᠯᠠᠨ ᠰᠡᠷᢉᠡᠶᠢᠯᠡᢈᠦ ᠠᠯᠪᠠᠨ ᠤ᠋ ᢈᠡᠦᢈᠡᠳ ᠦ᠋ᠨ ᠡᠰᠡᠷᢉᠦ ᢉᠡᠮᠲᠦ ᢈᠡᠷᠡᢉ᠂ᠵᠥᠷᠢᠴᠡᠯ ᠡᠴᠡ ᠤᠷᠢᠳᠴᠢᠯᠠᠨ ᠰᠡᠷᢉᠡᠶᠢᠯᠡᢈᠦ ᢈᠡᠯᠲᠡᠰ ᠦ᠋ᠨ ᠳᠠᠷᠤᠭᠠ᠂ ᠴᠠᠭᠳᠠᠭᠠ ᠶ᠋ᠢᠨ ᠳᠡᠳ᠋ ᠬᠤᠷᠠᠩᠳᠠ ᠳ᠂ᠪᠤᠳᠵᠠᠭᠠᠨ;
ᠡᠷᠡᢉᠦᠦ ᠶ᠋ᠢᠨ ᠴᠠᠭᠳᠠᠭᠠ ᠶ᠋ᠢᠨ ᠠᠯᠪᠠᠨ ᠤ᠋ ᠡᠳ᠋ ᠦ᠋ᠨ ᠵᠠᠰᠠᠭ ᠤ᠋ᠨ ᢉᠡᠮᠲᠦ ᢈᠡᠷᠡᢉ ᠲᠡᠢ ᠲᠡᠮᠡᠴᠡᢈᠦ ᠭᠠᠵᠠᠷ ᠤ᠋ᠨ ᠡᠷᠡᢉᠦᠦ ᠶ᠋ᠢᠨ ᠠᠬᠠᠯᠠᠬᠤ ᠮᠥᠷᠳᠡᢉᠴᠢ᠂ᠴᠠᠭᠳᠠᠭᠠ ᠶ᠋ᠢᠨ ᠬᠤᠷᠠᠩᠳᠠ ᠳ᠂ᠡᠩᢈᠡᠰᠠᠶᠢᠬᠠᠨ;
“ᠴᠡᠷᠢᢉ ᠦ᠋ᠨ ᠭᠠᠪᠢᠶᠠᠨ ᠤ᠋ ᠣᠳᠤᠨ”᠆ᠢ᠋ᠶᠠᠷ ᠳᠣᠲᠤᠭᠠᠳᠤ ᠶ᠋ᠢᠨ ᠴᠡᠷᠢᢉ ᠦ᠋ᠨ ᠘᠐᠕ ᠳ᠋ᠤᠭᠠᠷ ᠠᠩᢉᠢ ᠶ᠋ᠢᠨ ᠠᠬᠠᠯᠠᠭᠴᠢ᠂ ᠰᠤᠷᠭᠠᠭᠴᠢ ᠠᠬᠠᠯᠠᠭᠴᠢ ᠭ᠂ᠭᠠᠩᠪᠠᠶᠠᠷ ᠨᠠᠷ ᠲᠤᠰ ᠲᠤᠰ ᠱᠠᠩᠨᠠᠭᠳᠠᠯᠠ᠃
Монгол Улсын Ерөнхийлөгч, Зэвсэгт хүчний Ерөнхий командлагч Ухнаагийн Хүрэлсүх, Хууль зүй, дотоод хэргийн сайд С.Амарсайхан нар өнөөдөр /2026.05.14/ хууль зүй, дотоод хэргийн салбарын бие бүрэлдэхүүнтэй уулзалт зохион байгууллаа.
Уулзалтад хууль сахиулах байгууллагын удирдлага, офицер, ахлагч, алба хаагчдын төлөөлөл оролцож, салбарын хэмжээнд хэрэгжүүлж буй бодлого, үйл ажиллагаа, хүний нөөц, нийгмийн баталгаа, сахилга хариуцлагын чиглэлээр хэрэгжүүлж буй ажлын талаар санал солилцов.





Энэ үеэр салбартаа үр бүтээлтэй ажиллаж, эрхэлсэн ажилдаа өндөр амжилт гаргасан нэр бүхий алба хаагчдад төрийн дээд одон, медаль гардуулсан юм.
Цагдаа, дотоодын цэргийн байгууллагаас “Монгол Улсын гавьяат хуульч” цол, тэмдгээр Санхүү, ар талын албаны дарга, цагдаагийн хурандаа Д.Батчулуун;
“Үйлчилгээний гавьяат ажилтан” цол, тэмдгээр Дотоодын цэргийн 805 дугаар ангийн захирагч, хурандаа Ж.Түмэнтулга;
“Цэргийн гавьяаны улаан тугийн одон”-оор Тээврийн цагдаагийн албаны Замын цагдаагийн газрын Нийслэлийн замын хөдөлгөөн зохицуулах хэлтсийн дарга, цагдаагийн хурандаа Ч.Батболд;
Цагдаа, дотоодын цэргийн Сургалтын нэгдсэн төвийн Энхийг дэмжих ажиллагааны сургалт, бэлтгэлийн хэлтсийн дарга, цагдаагийн хурандаа П.Даваажав;
Урьдчилан сэргийлэх албаны Хүүхдийн эсрэг гэмт хэрэг, зөрчлөөс урьдчилан сэргийлэх хэлтсийн дарга, цагдаагийн дэд хурандаа Д.Будзаан;
Эрүүгийн цагдаагийн албаны Эдийн засгийн гэмт хэрэгтэй тэмцэх газрын эрүүгийн ахлах мөрдөгч, цагдаагийн хурандаа Д.Энхсайхан;
“Цэргийн гавьяаны одон”-оор Дотоодын цэргийн 805 дугаар ангийн ахлагч, сургагч ахлагч Г.Ганбаяр нар тус тус шагнагдла
100 жил
