“БИД ЭХ ОРНЫ ЦЭРГҮҮД” ЧУУЛГА УУЛЗАЛТАД ОРОЛЦЛОО
“ᠪᠢᠳᠡ ᠡᢈᠡ ᠣᠷᠤᠨ ᠤ᠋ ᠴᠡᠷᠢᢉ ᠦ᠋ᠳ” ᠴᠢᠭᠤᠯᠭᠠ ᠠᠭᠤᠯᠵᠠᠯᠲᠠ ᠳ᠋ᠤ ᠣᠷᠤᠯᠴᠠᠯᠠ
ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠢᠪᠡᢉᠡᠯ ᠳᠣᠣᠷᠠ ᠤᠯᠠᠮᠵᠢᠯᠠᠯ ᠪᠣᠯᠭᠠᠨ ᠵᠣᢈᠢᠶᠠᠨ ᠪᠠᠶᠢᠭᠤᠯᠤᠭᠳᠠᠳᠠᠭ ᠴᠡᠷᠢᢉ ᠦ᠋ᠨ ᠪᠡᠯᠡᠳᢈᠡᠯ ᠡᢉᠦᠷᢉᠡᠲᠡᠨ ᠨᠦ᠋ᢉᠦᠳ ᠦ᠋ᠨ “ᠪᠢᠳᠡ ᠡᢈᠡ ᠣᠷᠤᠨ ᠤ᠋ ᠴᠡᠷᠢᢉ ᠦ᠋ᠳ” ᠴᠢᠭᠤᠯᠭᠠ ᠠᠭᠤᠯᠵᠠᠯᠲᠠ ᠨᠠᠯᠠᠢ ᠳᠡᢉᠦᠷᢉᠡ ᠳ᠋ᠦ ᠡᢈᠢᠯᠡᠯᠡ᠃ ᠮᠣᠩᠭᠣᠯ ᠴᠡᠷᠢᢉ ᠦ᠋ᠨ ᠨᠢᢉᠡᠳᠦᢉᠰᠡᠨ ᠬᠣᠯᠪᠤᠭᠠᠨ ᠤ᠋ ᠰᠠᠨᠠᠭᠠᠴᠢᠯᠭᠠ ᠪᠠᠷ ᠪᠠᠲᠤᠯᠠᠨ ᠬᠠᠮᠠᠭᠠᠯᠠᠬᠤ ᠶᠠᠮᠤ᠂ᠵᠡᠪᠰᠡᢉᠲᠦ ᢈᠦᠴᠦᠨ ᠦ᠋ ᠵᠠᠩᠵᠤᠨ ᠱᠲ᠋ᠠᠪ᠂ ᠨᠠᠯᠠᠶᠢᠬᠤ ᠳᠡᢉᠦᠷᢉᠡ ᠶ᠋ᠢᠨ ᠵᠠ᠂ᠳᠠ᠂ᠲᠡ᠂ᠭᠠ ᠬᠠᠮᠲᠤᠷᠠᠨ ᠵᠣᢈᠢᠶᠠᠨ ᠪᠠᠶᠢᠭᠤᠯᠵᠤ ᠪᠠᠶᠢᠭᠠ ᠲᠤᠰ ᠴᠢᠭᠤᠯᠭᠠ ᠠᠭᠤᠯᠵᠠᠯᠲᠠ ᠨᠢ ᠢᠷᢉᠡᠨ᠆ᠴᠡᠷᠢᢉ ᠦ᠋ᠨ ᠬᠠᠷᠢᠯᠴᠠᠭᠠ ᠶ᠋ᠢ ᠪᠡᢈᠢᠵᠢᢉᠦᠯᢈᠦ᠂ ᠡᢈᠡ ᠣᠷᠤᠨᠴᠢ ᠦᠵᠡᠯ ᠢ᠋ ᠲᠦᢉᠡᢉᠡᠨ ᠳᠡᠯᢉᠡᠷᠡᢉᠦᠯᢈᠦ ᠵᠣᠷᠢᠯᠭᠠᠲᠠᠢ ᠶᠤᠮ᠃ ᠡᠨᠡ ᢈᠦ ᠴᠢᠭᠤᠯᠭᠠ ᠠᠭᠤᠯᠵᠠᠯᠲᠠ ᠳ᠋ᠤ ᠤ᠂ᠢ᠂ᠬᠠ᠂ ᠵᠠᠰᠠᠭ ᠤ᠋ᠨ ᠭᠠᠵᠠᠷ ᠤ᠋ᠨ ᢉᠡᠰᠢᢉᠦᠨ᠂ᠪᠠᠲᠤᠯᠠᠨ ᠬᠠᠮᠠᠭᠠᠯᠠᠬᠤ ᠶ᠋ᠢᠨ ᠰᠠᠶᠢᠳ ᠳ᠂ᠪᠠᠲᠤᠯᠤᠲᠤ᠂ ᠵᠠ᠂ᠬᠠ᠂ᠵᠠ᠂ᠰᠢ᠆ᠤ᠋ᠨ ᠳᠠᠷᠤᠭᠠ ᠳᠡᠰᠯᠡᢉᠴᠢ ᢉᠧᠨᠧᠷᠠᠯ ᠰ᠂ᠭᠠᠩᠪᠢᠮᠪᠠ᠂ᠮᠣᠩᠭᠣᠯ ᠴᠡᠷᠢᢉ ᠦ᠋ᠨ ᠨᠢᢉᠡᠳᠦᢉᠰᠡᠨ ᠬᠣᠯᠪᠤᠭᠠᠨ ᠤ᠋ ᠶᠡᠷᠦᠩᢈᠡᠢ ᠨᠠᠷᠢᠨ ᠪᠢᠴᠢᢉ ᠦ᠋ᠨ ᠳᠠᠷᠤᠭᠠ᠂ᠳᠡᠰᠯᠡᢉᠴᠢ ᢉᠧᠨᠧᠷᠠᠯ ᠴ᠂ᠲᠤᠭᠤᠭᠠ᠂ ᠪᠠᠲᠤᠯᠠᠨ ᠬᠠᠮᠠᠭᠠᠯᠠᠬᠤ ᠶ᠋ᠢᠨ ᠶᠡᠷᠦᠩᢈᠡᠢ ᢈᠢᠨᠠᠨ ᠰᠢᠯᠭᠠᠭᠴᠢ᠂ᠪᠷᠢᠭᠠᠳ᠋ ᠤ᠋ᠨ ᢉᠧᠨᠧᠷᠠᠯ ᠵᠠ᠂ᠪᠣᠯᠤᠳᠪᠠᠭᠠᠲᠤᠷ᠂ ᠨᠠᠯᠠᠶᠢᠬᠤ ᠳᠡᢉᠦᠷᢉᠡ ᠶ᠋ᠢᠨ ᠵᠠᠰᠠᠭ ᠳᠠᠷᠤᠭᠠ ᠳ᠂ᠨᠠᠶᠠᠨᠪᠠᠶᠠᠷ᠂ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ ᠬᠤᠷᠠᠩᠳᠠ ᠨ᠂ᡀᠠᠭᠪᠠᠰᠠᠶᠢᠬᠠᠨ ᠪᠣᠯᠤᠨ ᠠᠯᠪᠠᠨ ᠤ᠋ ᢈᠢᠨ ᠪᠣᠯᠤᠨ ᠪᠡᠯᠡᠳᢈᠡᠯ ᠣᠹᠢᠼᠧᠷ᠂ ᠠᠬᠠᠯᠠᠭᠴᠢ᠂ ᠲᠦᠷᠦᢉᠦᠴᠢ᠂ ᠪᠠᠶᠢᠯᠳᠤᠭᠴᠢ ᠨᠠᠷ ᠤ᠋ᠨ ᠲᠥᠯᠦᢉᠡᠯᠡᠯ ᠣᠷᠤᠯᠴᠠᠯᠠ᠃
Монгол Улсын Ерөнхийлөгчийн ивээл дор уламжлал болгон зохион байгуулагддаг цэргийн бэлтгэл үүрэгтнүүдийн “Бид эх орны цэргүүд” чуулга уулзалт Налай дүүрэгт эхэллээ.
Монгол цэргийн нэгдсэн холбооны санаачилгаар Батлан хамгаалах яам, Зэвсэгт хүчний Жанжин штаб, Налайх дүүргийн ЗДТГ хамтран зохион байгуулж байгаа тус чуулга уулзалт нь иргэн-цэргийн харилцааг бэхжүүлэх, эх оронч үзлийг түгээн дэлгэрүүлэх зорилготой юм.



Энэхүү чуулга уулзалтад УИХ, Засгийн газрын гишүүн, Батлан хамгаалахын сайд Д.Батлут, ЗХЖШ-ын дарга дэслэгч генерал С.Ганбямба, Монгол цэргийн нэгдсэн холбооны ерөнхий нарийн бичгийн дарга, дэслэгч генерал Ц.Тогоо, Батлан хамгаалахын ерөнхий хянан шалгагч, бригадын генерал Ж.Болдбаатар, Налайх дүүргийн засаг дарга Д.Наянбаяр, Дотоодын цэргийн штабын дарга, хурандаа Н.Лхагвасайхан болон албаныхан болон бэлтгэл офицер, ахлагч, түрүүч, байлдагч нарын төлөөлөл оролцлоо.
100 жил
