ДОТООДЫН ЦЭРГИЙН БАЙГУУЛЛАГА ЮНИТЕЛ ГРУППТЭЙ ХАМТРАН АЛБА ХААГЧДАД “НИСГЭГЧГҮЙ НИСЭХ ТӨХӨӨРӨМЖ”-ИЙН АНХАН ШАТНЫ МЭДЛЭГ ОЛГОХ СУРГАЛТЫГ ЗОХИОН БАЙГУУЛНА
ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶᠦᠨᠢᠲ᠋ᠧᠯ ᢉᠷᠦ᠋ᠫ ᠲᠡᠢ ᠬᠠᠮᠲᠤᠷᠠᠨ ᠠᠯᠪᠠ ᠬᠠᠭᠠᠭᠴᠢᠳ ᠲᠤ “ᠨᠢᠰᢈᠡᢉᠴᠢ ᠦᢉᠡᠢ ᠨᠢᠰᢈᠦ ᠲᠥᢈᠦᢉᠡᠷᠦᠮᠵᠢ”᠆ᠡᠶᠢᠨ ᠠᠩᠬᠠᠨ ᠱᠠᠲᠤᠨ ᠤ᠋ ᠮᠡᠳᠡᠯᢉᠡ ᠣᠯᠭᠤᠬᠤ ᠰᠤᠷᠭᠠᠯᠲᠠ ᠶ᠋ᠢ ᠵᠣᢈᠢᠶᠠᠨ ᠪᠠᠶᠢᠭᠤᠯᠤᠨᠠ
ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ᠬᠤᠷᠠᠩᠳᠠ ᠨ᠂ᡀᠠᠭᠪᠠᠰᠠᠶᠢᠬᠠᠨ ᠶᠦᠨᠢᠲ᠋ᠧᠯ ᢉᠷᠦ᠋ᠫ᠂ ᠨᠧᠻᠰᠮᠠᠶᠢᠨ᠋ᠳ᠋ ᢈᠥ᠂ᠬᠠ᠂ᠻᠠ᠆ᠶ᠋ᠢᠨ ᢉᠦᠶᠢᠴᠡᠳᢈᠡᢈᠦ ᠵᠠᢈᠢᠷᠤᠯ ᠪ᠂ᠡᠩᢈᠡᠲᠦ᠋ᠪᠰᠢᠨ ᠨᠠᠷ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠬᠠᠤᠯᠢ ᠪᠠᠷ ᢈᠦᠯᠢᠶᠡᢉᠰᠡᠨ ᠦᠨᠳᠦᠰᠦᠨ ᠴᠢᢉ ᠡᢉᠦᠷᢉᠡ ᠶ᠋ᠢ ᢈᠡᠷᠡᢉᠵᠢᢉᠦᠯᢈᠦ ᠳ᠋ᠦ ᠨᠢᠰᢈᠡᢉᠴᠢ ᠦᢉᠡᠢ ᠨᠢᠰᢈᠦ ᠲᠥᢈᠦᢉᠡᠷᠦᠮᠵᠢ /ᠳ᠋ᠷᠣᠨ᠋/᠆ᠶ᠋ᠢ ᠨᠡᠪᠲᠡᠷᠡᢉᠦᠯᠵᠦ᠂ ᠠᠰᠢᠭᠯᠠᠯᠲᠠ ᠶ᠋ᠢ ᠨᠡᠮᠡᢉᠳᠡᢉᠦᠯᢈᠦ᠂ ᠠᠯᠪᠠ ᠬᠠᠭᠠᠭᠴᠢᠳ ᠢ᠋ ᠨᠢᠰᠦᠯᢉᠡ ᠦᠶᠢᠯᠡᠳᢈᠦ ᠮᠡᠳᠡᠯᢉᠡ᠂ ᠤᠷᠠ ᠴᠢᠳᠠᠪᠤᠷᠢ ᠡᠵᠡᠮᠰᠢᢉᠦᠯᢈᠦ ᠠᠩᠬᠠᠨ ᠱᠠᠲᠤᠨ ᠤ᠋ ᠰᠤᠷᠭᠠᠯᠲᠠ ᠶ᠋ᠢ ᠵᠣᢈᠢᠶᠠᠨ ᠪᠠᠶᠢᠭᠤᠯᠬᠤ ᠳ᠋ᠤ ᠬᠠᠮᠲᠤᠷᠠᠨ ᠠᠵᠢᠯᠯᠠᠬᠤ ᢈᠥᠲᠦᠯᠪᠦᠷᠢ᠂ ᠲᠥᠯᠦᠪᠯᠡᢉᠡ ᠶ᠋ᠢ ᠥᠨᠦᠳᠦᠷ ᠪᠠᠲᠤᠯᠠᠯᠠ᠃ ᠶᠦᠨᠢᠲ᠋ᠧᠯ ᢉᠷᠦ᠋ᠫ ᠣᠷᠤᠨ ᠳᠠᠶᠠᠭᠠᠷ «STEAM︽ ᠪᠣᠯᠪᠠᠰᠤᠷᠠᠯ ᠤ᠋ᠨ ᢈᠦᠷᠲᠡᢉᠡᠮᠵᠢ ᠶ᠋ᠢ ᠨᠡᠮᠡᢉᠳᠡᢉᠦᠯᢈᠦ᠂ ᠴᠠᢈᠢᠮ ᠵᠠᠭᠠᠭ ᠢ᠋ ᠪᠠᠭᠤᠷᠠᠭᠤᠯᠬᠤ ᠳ᠋ᠤ ᠬᠤᠪᠢ ᠨᠡᠮᠡᠷᠢ ᠣᠷᠤᠭᠤᠯᠬᠤ᠂ ᠢᠷᠡᢉᠡᠳᠦᠢ ᠳ᠋ᠦ ᠢᠨ᠋ᠵᠧᠨᠧᠷ ᠮᠡᠷᢉᠡᠵᠢᠯᠲᠡᠨ ᠨᠦ᠋ᢉᠦᠳ ᠢ᠋ ᠨᠡᠮᠡᢉᠳᠡᢉᠦᠯᢈᠦ ᠪᠡᠷ Unitel STEAM HUB ᢈᠥᠲᠦᠯᠪᠦᠷᠢ ᠶ᠋ᠢ ᠒᠐᠒᠒ ᠣᠨ ᠠ᠋ᠴᠠ ᠣᠷᠤᠨ ᠳᠠᠶᠠᠭᠠᠷ ᢈᠡᠷᠡᢉᠵᠢᢉᠦᠯᠵᠦ ᠪᠠᠶᠢᠨᠠ᠃ ᠡᠨᠡ ᢈᠦᠷᠢᠶᠡᠨ ᠳ᠋ᠦ ᠶᠦᠨᠢᠲ᠋ᠧᠯ ᢉᠷᠦ᠋ᠫ᠂ ᠨᠧᠻᠰᠮᠠᠶᠢᠨ᠋ᠳ᠋ ᢈᠥ᠂ᠬᠠ᠂ᠻᠠ ᠪᠣᠯᠤᠨ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠬᠠᠮᠲᠤ ᠶ᠋ᠢᠨ ᠠᠵᠢᠯᠯᠠᠭᠠᠨ ᠤ᠋ ᢈᠦᠷᠢᠶᠡᠨ ᠳ᠋ᠦ Unitel STEAM HUB ᢈᠥᠲᠦᠯᠪᠦᠷᠢ ᠶ᠋ᠢᠨ ᠳ᠋ᠷᠣᠨ᠋ ᠤ᠋ ᠰᠤᠷᠭᠠᠯᠲᠠ ᠳᠡᢉᠡᠷᠡ ᠦᠨᠳᠦᠰᠦᠯᠡᠨ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠠᠩᢉᠢ᠂ᠲᠤᠰᠬᠠᠢ ᠰᠠᠯᠪᠤᠷᠢ ᠶ᠋ᠢᠨ ᠠᠯᠪᠠ ᠬᠠᠭᠠᠭᠴᠢᠳ ᠲᠤ ᠠᠩᠬᠠᠨ ᠱᠠᠲᠤᠨ ᠤ᠋ ᠮᠡᠳᠡᠯᢉᠡ ᠣᠯᠭᠤᠬᠤ᠂ᠠᠶᠤᠯ ᠦᢉᠡᠢ ᠠᠵᠢᠯᠯᠠᠭᠠᠨ ᠤ᠋ ᠳᠠᠳᠤᠯ ᠡᠵᠡᠮᠰᠢᢉᠦᠯᢈᠦ᠂ ᠫᠷᠠᠻᠲ᠋ᠢᠻ ᠨᠢᠰᠦᠯᢉᠡ ᢈᠢᢈᠦ ᠵᠣᠷᠢᠯᠭᠠ ᠲᠠᠢ “ᠳ᠋ᠷᠣᠨ᠋(UAV) ᠠᠩᠬᠠᠨ ᠱᠠᠲᠤᠨ ᠤ᠋ ᠰᠤᠷᠭᠠᠯᠲᠠ”᠆ᠤ᠋ᠨ ᢈᠥᠲᠦᠯᠪᠦᠷᠢ ᠶ᠋ᠢ ᠪᠣᠯᠪᠠᠰᠤᠷᠠᠭᠤᠯᠤᠨ ᠰᠤᠷᠭᠠᠯᠲᠠ ᠶ᠋ᠢ ᠡᠨᠡ ᠣᠨ ᠤ᠋ ᠐᠕ ᠳ᠋ᠤᠭᠠᠷ ᠰᠠᠷᠠ ᠶ᠋ᠢᠨ ᠑᠙᠆ᠶ᠋ᠢᠨ ᠡᠳᠦᠷ ᠡᠴᠡ ᠐᠖ ᠳ᠋ᠤᠭᠠᠷ ᠰᠠᠷᠠ ᠶ᠋ᠢᠨ ᠑᠑᠆ᠶ᠋ᠢᠨ ᠡᠳᠦᠷ ᢈᠦᠷᠲᠡᠯᠡᢈᠢ ᠬᠤᠭᠤᠴᠠᠭᠠᠨ ᠳ᠋ᠤ ᠳᠣᠲᠤᠭᠠᠳᠤ ᠶ᠋ᠢᠨ ᠴᠡᠷᠢᢉ ᠦ᠋ᠨ ᠑᠓ ᠠᠩᢉᠢ᠂ᠲᠤᠰᠬᠠᠢ ᠰᠠᠯᠪᠤᠷᠢ ᠶ᠋ᠢᠨ ᠓᠖᠖ ᠠᠯᠪᠠ ᠬᠠᠭᠠᠭᠴᠢᠳ ᠲᠤ ᠵᠣᢈᠢᠶᠠᠨ ᠪᠠᠶᠢᠭᠤᠯᠬᠤ ᠶᠤᠮ᠃
Дотоодын цэргийн штабын дарга, хурандаа Н.Лхагвасайхан Юнител групп, Нексмайнд ХХК-ийн гүйцэтгэх захирал Б.Энхтүвшин нар Дотоодын цэргийн байгууллагын хуулиар хүлээсэн үндсэн чиг үүргийг хэрэгжүүлэхэд нисгэгчгүй нисэх төхөөрөмж /дрон/-ийг нэвтрүүлж, ашиглалтыг нэмэгдүүлэх, алба хаагчдыг нислэг үйлдэх мэдлэг, ур чадвар эзэмшүүлэх анхан шатны сургалтыг зохион байгуулахад хамтран ажиллах хөтөлбөр, төлөвлөгөөг өнөөдөр баталлаа.


Юнител групп орон даяар "STEAM" боловсролын хүртээмжийг нэмэгдүүлэх, цахим заагийг бууруулахад хувь нэмэр оруулах, ирээдүйд инженер мэргэжилтнүүдийг нэмэгдүүлэхээр Unitel STEAM HUB хөтөлбөрийг 2022 оноос орон даяар хэрэгжүүлж байна.
Энэ хүрээнд Юнител групп, Нексмайнд ХХК болон Дотоодын цэргийн штабын хамтын ажиллагааны хүрээнд Unitel STEAM HUB хөтөлбөрийн дроны сургалт дээр үндэслэн Дотоодын цэргийн байгууллагын анги, тусгай салбарын алба хаагчдад анхан шатны мэдлэг олгох, аюулгүй ажиллагааны дадал эзэмшүүлэх, практик нислэг хийх зорилготой “Дрон(UAV) анхан шатны сургалт”-ын хөтөлбөрийг боловсруулан сургалтыг энэ оны 05 дугаар сарын 19-ний өдрөөс 06 дугаар сарын 11-ний өдөр хүртэлх хугацаанд дотоодын цэргийн 13 анги, тусгай салбарын 366 алба хаагчдад зохион байгуулах юм.
100 жил
