ДОТООДЫН ЦЭРГИЙН ШТАБЫН ДАРГА, ХУРАНДАА Н.ЛХАГВАСАЙХАН ДОТООДЫН ЦЭРГИЙН 816 АНГИЙН ҮЙЛ АЖИЛЛАГААТАЙ ТАНИЛЦЛАА
ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ ᠬᠤᠷᠠᠩᠳᠠ ᠨᠠ᠂ᡀᠠᠭᠪᠠᠰᠠᠶᠢᠬᠠᠨ ᠳᠣᠲᠤᠭᠠᠳᠤ ᠶ᠋ᠢᠨ ᠴᠡᠷᠢᢉ ᠦ᠋ᠨ ᠘᠑᠖ ᠠᠩᢉᠢ ᠶ᠋ᠢᠨ ᠦᠶᠢᠯᠡ ᠠᠵᠢᠯᠯᠠᠭᠠ ᠲᠠᠢ ᠲᠠᠨᠢᠯᠴᠠᠯᠠ
ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ᠂ ᠬᠤᠷᠠᠩᠳᠠ ᠨ᠂ᡀᠠᠭᠪᠠᠰᠠᠶᠢᠬᠠᠨ ᠡᠨᠡ ᠣᠨ ᠤ᠋ ᠐᠖ ᠰᠠᠷᠠ ᠶ᠋ᠢᠨ ᠐᠔᠆ᠡᠴᠡ ᠐᠖᠆ᠤ᠋ ᠡᠳᠦᠷ ᠦ᠋ᠳ ᠲᠦ ᠣᠷᠬᠤᠨ ᠠᠶᠢᠮᠠᠭ ᠳ᠋ᠠᢈᠢ ᠳᠣᠲᠤᠭᠠᠳᠤ ᠶ᠋ᠢᠨ ᠴᠡᠷᠢᢉ ᠦ᠋ᠨ ᠘᠑᠖ ᠳ᠋ᠤᠭᠠᠷ ᠠᠩᢉᠢ ᠶ᠋ᠢᠨ ᠦᠶᠢᠯᠡ ᠠᠵᠢᠯᠯᠠᠭᠠ ᠲᠠᠢ ᠲᠠᠨᠢᠯᠴᠠᠵᠤ᠂ ᠠᠯᠪᠠ ᠬᠠᠭᠠᠭᠴᠢᠳ ᠲᠠᠢ ᠠᠭᠤᠯᠵᠠᠯᠲᠠ ᢈᠢᠵᠦ ᠪᠠᠶᠢᠨᠠ᠃ ᠡᠨᠡ ᠦᠶᠡ ᠪᠡᠷ ᠲᠤᠰ ᠠᠩᢉᠢ ᠶ᠋ᠢᠨ ᠵᠠᢈᠢᠷᠤᠭᠴᠢ ᠪᠠᠶᠢᠭᠤᠯᠤᠯᠭᠠ ᠶ᠋ᠢᠨ ᠦᠶᠢᠯᠡ ᠠᠵᠢᠯᠯᠠᠭᠠ᠂ᠪᠦᠲᠦᠴᠡ ᠪᠦᠷᠢᠯᠳᠦᢈᠦᠨ ᠪᠣᠯᠤᠨ ᠤᠯᠤᠰ ᠤ᠋ᠨ ᠣᠨᠴᠠ ᠴᠢᠬᠤᠯᠠ ᠣᠪᠶᠧᠻᠲ ᠤ᠋ᠨ ᠬᠠᠮᠠᠭᠠᠯᠠᠯᠲᠠ᠂ᠬᠠᠤᠯᠢ ᠪᠠᠷ ᢈᠦᠯᠢᠶᠡᢉᠰᠡᠨ ᠴᠢᢉ ᠡᢉᠦᠷᢉᠡ ᠶ᠋ᠢᠨ ᢈᠡᠷᠡᢉᠵᠢᠯᠲᠡ᠂ ᠠᠯᠪᠠ ᠬᠠᠭᠠᠭᠴᠢᠳ ᠤ᠋ᠨ ᠠᠵᠢᠯᠯᠠᠬᠤ ᠣᠷᠴᠢᠨ ᠨᠥᢈᠦᠴᠡᠯ ᠢ᠋ ᠰᠠᠶᠢᠵᠢᠷᠠᠭᠤᠯᠬᠤ ᠪᠠᠷ ᢈᠡᠷᠡᢉᠵᠢᢉᠦᠯᠵᠦ ᠪᠤᠢ ᠦᠶᠢᠯᠡ ᠠᠵᠢᠯᠯᠠᠭᠠ᠂ᠠᠵᠢᠯ ᠤ᠋ᠨ ᠦᠷᠡ ᠳ᠋ᠦᠩ᠂ ᠲᠤᠯᠭᠠᠮᠳᠠᠵᠤ ᠪᠤᠢ ᠠᠰᠠᠭᠤᠳᠠᠯ᠂ ᠴᠠᠭᠠᠰᠢᠳᠠ ᠰᠢᠢᠳᠪᠦᠷᠢᠯᠡᢉᠦᠯᢈᠦ ᠠᠵᠢᠯ ᠤ᠋ᠨ ᠰᠠᠨᠠᠯ ᠢ᠋ ᠲᠠᠨᠢᠯᠴᠠᠭᠤᠯᠤᠯᠠ᠃ ᠠᠭᠤᠯᠵᠠᠯᠲᠠ ᠶ᠋ᠢᠨ ᠦᠶᠡ ᠪᠡᠷ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ ᠡᠷᢈᠢᠯᠡᢉᠰᠡᠨ ᠠᠵᠢᠯ ᠳ᠋ᠤ ᠪᠠᠨ ᠢᠳᠡᠪᢈᠢ ᠵᠢᠳᢈᠦᠯ᠂ ᠦᠷᠡ ᠪᠦᠲᠦᢉᠡᠯ ᠭᠠᠷᠭᠠᠨ ᠠᠵᠢᠯᠯᠠᠵᠤ ᠪᠠᠶᠢᠭᠠ ᠵᠠᠷᠢᠮ ᠠᠯᠪᠠ ᠬᠠᠭᠠᠭᠴᠢᠳ ᠲᠤ ᠱᠠᠩᠨᠠᠯ ᠭᠠᠷᠳᠠᠭᠤᠯᠤᠯᠠ᠃ ᠮᠥᠨ ᠠᠯᠪᠠ ᠬᠠᠭᠠᠭᠴᠢᠳ ᠤ᠋ᠨ ᠰᠠᠨᠠᠯ ᠰᠡᠳᢈᠢᢉᠳᠡᠯ ᠢ᠋ ᠰᠣᠨᠤᠰᠴᠤ᠂ ᠠᠯᠪᠠ ᠬᠠᠭᠠᠭᠴᠢᠳ ᠲᠤ ᠬᠠᠨᠳᠤᠨ ᠮᠡᠳᠡᠯᢉᠡ᠂ᠤᠷᠠ ᠴᠢᠳᠠᠪᠤᠷᠢ᠂ ᠠᠯᠪᠠᠨ ᠤ᠋ ᠪᠡᠯᠡᠨ ᠪᠠᠶᠢᠳᠠᠯ᠂ ᠪᠡᠶᠡ ᠪᠢᠯᠳᠠᠷ᠂ ᠰᠡᠳᢈᠢᠯ ᠵᠦᠢ ᠶ᠋ᠢᠨ ᠪᠡᠯᠡᠳᢈᠡᠯ ᠢ᠋ᠶᠡᠨ ᠲᠣᠭᠲᠠᠮᠠᠯ ᠳᠡᢉᠡᢉᠰᠢᠯᠡᢉᠦᠯᠵᠦ᠂ᠶᠣᠰᠤ ᠵᠦᠢ ᠶ᠋ᠢ ᠡᠷᢈᠢᠮᠯᠡᠨ ᠠᠵᠢᠯᠯᠠᠨᠠ ᢉᠡᠳᠡᢉ ᠲᠦ ᠢᠲᠡᢉᠡᠯᠲᠡᠢ ᠪᠠᠶᠢᠭᠠ ᠶ᠋ᠢ ᠢᠯᠡᠷᢈᠡᠶᠢᠯᠡᠵᠦ᠂ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠬᠠᠤᠯᠢ ᠪᠠᠷ ᢈᠦᠯᠢᠶᠡᢉᠰᠡᠨ ᠴᠢᢉ ᠡᢉᠦᠷᢉᠡ ᠪᠡᠨ᠂ ᠨᠡᠷᠡ ᠲᠥᠷᠦᠲᠡᠢ ᢉᠦᠶᠢᠴᠡᠳᢈᠡᢈᠦ ᠶ᠋ᠢ ᠡᢉᠦᠷᢉᠡ ᠪᠣᠯᠭᠠᠯᠠ᠃
Дотоодын цэргийн штабын дарга, хурандаа Н.Лхагвасайхан энэ оны 06 сарын 04-өөс 06-ны өдрүүдэд Орхон аймаг дахь Дотоодын цэргийн 816 дугаар ангийн үйл ажиллагаатай танилцаж, алба хаагчидтай уулзалт хийж байна.



Энэ үеэр тус ангийн захирагч байгууллагын үйл ажиллагаа, бүтэц бүрэлдэхүүн болон улсын онц чухал объектын хамгаалалт, хуулиар хүлээсэн чиг үүргийн хэрэгжилт, алба хаагчдын ажиллах орчин нөхцөлийг сайжруулахаар хэрэгжүүлж буй үйл ажиллагаа, ажлын үр дүн, тулгамдаж буй асуудал, цаашид шийдвэрлүүлэх ажлын саналыг танилцууллаа.
Уулзалтын үеэр Дотоодын цэргийн штабын дарга эрхэлсэн ажилдаа идэвх зүтгэл, үр бүтээл гарган ажиллаж байгаа зарим алба хаагчдад шагнал гардууллаа. Мөн алба хаагчдын санал сэтгэгдлийг сонсож, алба хаагчдад хандан мэдлэг, ур чадвар, албаны бэлэн байдал, бие бялдар, сэтгэл зүйн бэлтгэлээ тогтмол дээшлүүлж, ёс зүйг эрхэмлэн ажиллана гэдэгт итгэлтэй байгааг илэрхийлж, Дотоодын цэргийн байгууллагын хуулиар хүлээсэн чиг үүргээ, нэр төртэй гүйцэтгэхийг үүрэг болголоо.
100 жил
