“ШИЛДЭГ АХЛАГЧ-2026” тэмцээн амжилттай зохион байгуулагдаж өндөрлөлөө
“ᠰᠢᠯᠢᠳᠡᢉ ᠠᠬᠠᠯᠠᠭᠴᠢ᠆᠒᠐᠒᠖” ᠲᠡᠮᠡᠴᠡᢉᠡᠨ ᠠᠮᠵᠢᠯᠲᠠᠲᠠᠢ ᠵᠣᢈᠢᠶᠠᠨ ᠪᠠᠶᠢᠭᠤᠯᠤᠭᠳᠠᠵᠤ ᠥᠨᠳᠦᠷᠯᠡᠯᠡ
ᠴᠠᠭᠳᠠᠭᠠ᠂ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠠᠬᠠᠯᠠᠭᠴᠢ ᠪᠦᠷᠢᠯᠳᠦᢈᠦᠨ ᠦ᠋ ᠮᠡᠷᢉᠡᠵᠢᠯ ᠦ᠋ᠨ ᠤᠷᠠ ᠴᠢᠳᠠᠪᠤᠷᠢ᠂ᠠᠯᠪᠠᠨ ᠤ᠋ ᠪᠡᠯᠡᠨ ᠪᠠᠶᠢᠳᠠᠯ᠂ ᠬᠠᠤᠯᠢ ᠡᠷᢈᠡ ᠵᠦᠢ᠂ ᠻᠣᠮᠫᠶᠦ᠋ᠲ᠋ᠧᠷ᠂ ᠭᠠᠳᠠᠭᠠᠳᠤ ᢈᠡᠯᠡᠨ ᠦ᠋ ᠮᠡᠳᠡᠯᢉᠡ᠂ᠭᠠᠯᠲᠤ ᠵᠡᠪᠰᠡᢉ᠂ ᠪᠡᠶᠡ ᠪᠢᠯᠳᠠᠷ ᠤ᠋ᠨ ᠪᠡᠯᠡᠳᢈᠡᠯᠵᠢᠯᠲᠡ ᠶ᠋ᠢᠨ ᠲᠦᠪᠰᠢᠨ ᠢ᠋ ᠬᠠᠩᠭᠠᠭᠤᠯᠬᠤ ᠵᠣᠷᠢᠯᠭᠠ ᠪᠠᠷ “ᠰᠢᠯᠢᠳᠡᢉ ᠠᠬᠠᠯᠠᠭᠴᠢ” ᠒᠐᠒᠖ ᠠᠪᠤᠷᠭᠤ ᠰᠢᠯᠭᠠᠷᠠᠭᠤᠯᠬᠤ ᠲᠡᠮᠡᠴᠡᢉᠡᠨ ᠵᠣᢈᠢᠶᠠᠨ ᠪᠠᠶᠢᠭᠤᠯᠤᠭᠳᠠᠯᠠ᠃ ᠲᠤᠰ ᠲᠡᠮᠡᠴᠡᢉᠡᠨ ᠳ᠋ᠦ ᠕᠗ ᠠᠩᢉᠢ᠂ ᠪᠠᠶᠢᠭᠤᠯᠤᠯᠭᠠ ᠶ᠋ᠢᠨ ᠑᠑᠐ ᠠᠯᠪᠠ ᠬᠠᠭᠠᠭᠴᠢ ᠣᠷᠤᠯᠴᠠᠵᠤ ᠬᠤᠷᠳᠤ᠂ ᢈᠦᠴᠦ᠂ ᠠᠪᠬᠠᠯᠵᠢ ᠰᠠᠮᠪᠠᠭᠠ᠂ ᠮᠡᠳᠡᠯᢉᠡ᠂ ᠤᠷᠠ ᠴᠢᠳᠠᠪᠤᠷᠢ ᠪᠠᠨ ᠰᠣᠷᠢᠨ ᠥᠷᠢᠰᠦᠯᠳᠦᠵᠦ ᠲᠡᠮᠡᠴᠡᢉᠡᠨ ᠦ᠋ ᠠᠪᠤᠷᠭᠤ ᠨᠤᠭᠤᠳ ᠢ᠋ᠶᠠᠨ ᠲᠣᠳᠤᠷᠠᠭᠤᠯᠤᠯᠠ᠃ ᠲᠡᠮᠡᠴᠡᢉᠡᠨ ᠦ᠋ ᠡᠷᠡᢉᠲᠡᠢ ᠲᠥᠷᠦᠯ ᠳ᠋ᠦ:
“ᠲᠡᠷᠢᢉᠦᠨ ᠪᠠᠶᠢᠷᠢ”᠆ᠲᠤ ᠳᠣᠲᠤᠭᠠᠳᠤ ᠶ᠋ᠢᠨ ᠴᠡᠷᠢᢉ ᠦ᠋ᠨ ᠘᠐᠙ ᠳ᠋ᠦ᠋ᢉᠡᠷ ᠠᠩᢉᠢ ᠶ᠋ᠢᠨ ᠳᠣᠪᠲᠤᠯᠤᠭᠴᠢ᠂ᠳᠡᠳ᠋ ᠠᠬᠠᠯᠠᠭᠴᠢ ᠪ᠂ᠪᠣᠯᠤᠳᠪᠠᠶᠠᠷ᠂
“ᠳᠡᠳ᠋ ᠪᠠᠶᠢᠷᠢ”᠆ᠲᠤ ᠐᠕ ᠳ᠋ᠤᠭᠠᠷ ᠠᠩᢉᠢ ᠶ᠋ᠢᠨ ᠬᠠᠮᠠᠭᠠᠯᠠᠯᠲᠠ ᠶ᠋ᠢᠨ ᠠᠵᠢᠯᠲᠠᠨ᠂ᠳᠡᠳ᠋ ᠠᠬᠠᠯᠠᠭᠴᠢ ᠭ᠂ᠭᠠᠯᠳᠠᠨᠳᠣᠷᠵᠢ᠂
“ᠭᠤᠲᠤᠭᠠᠷ ᠪᠠᠶᠢᠷᠢ”᠆ᠲᠤ ᠰᠠᠩᢈᠦᠦ᠂ ᠠᠷᠤ ᠲᠠᠯᠠ ᠶ᠋ᠢᠨ ᠠᠯᠪᠠᠨ ᠤ᠋ ᠠᠦ᠋ᠲ᠋ᠣᠪᠠᠽ ᠤ᠋ᠨ ᠴᠠᠭᠳᠠᠭᠠ ᠵᠢᠯᠤᠭᠤᠴᠢ᠂ ᠴᠠᠭᠳᠠᠭᠠ ᠶ᠋ᠢᠨ ᠠᠬᠠᠯᠠᠭᠴᠢ ᠪ᠂ᠰᠦᢈᠡᠪᠠᠲᠤ ᠲᠤᠰ ᠲᠤᠰ ᠰᠢᠯᠭᠠᠷᠠᠯᠠ. ᠲᠡᠮᠡᠴᠡᢉᠡᠨ ᠦ᠋ ᠡᠮᠡᢉᠲᠡᠢ ᠲᠥᠷᠦᠯ ᠳ᠋ᠦ:
“ᠲᠡᠷᠢᢉᠦᠨ ᠪᠠᠶᠢᠷᠢ”᠆ᠲᠤ ᠴᠠᠭᠳᠠᠭᠠ᠂ ᠳᠣᠲᠤᠭᠠᠳᠤ ᠶ᠋ᠢᠨ ᠴᠡᠷᠢᢉ ᠦ᠋ᠨ ᠰᠤᠷᠭᠠᠯᠲᠠ ᠶ᠋ᠢᠨ ᠨᠢᢉᠡᠳᠦᢉᠰᠡᠨ ᠲᠥᠪ ᠦ᠋ᠨ ᠪᠢᠴᠢᢉ ᢈᠡᠷᠡᢉ ᠦ᠋ᠨ ᠡᠷᢈᠢᠯᠡᢉᠴᠢ᠂ᠴᠠᠭᠳᠠᠭᠠ ᠶ᠋ᠢᠨ ᠳᠡᠳ᠋ ᠠᠬᠠᠯᠠᠭᠴᠢ ᠳ᠂ᠡᠩᢈᠡᠵᠤᠯᠠ ᠂
“ᠳᠡᠳ᠋ ᠪᠠᠶᠢᠷᠢ”᠆ᠲᠤ ᠳᠣᠲᠤᠭᠠᠳᠤ ᠶ᠋ᠢᠨ ᠴᠡᠷᠢᢉ ᠦ᠋ᠨ ᠘᠐᠙ ᠳ᠋ᠦ᠋ᢉᠡᠷ ᠠᠩᢉᠢ ᠶ᠋ᠢᠨ ᠪᠢᠴᠢᢉ ᢈᠡᠷᠡᢉ ᠦ᠋ᠨ ᠡᠷᢈᠢᠯᠡᢉᠴᠢ ᠪ᠂ᠰᠠᠷᠠᠨᢉᠡᠷᠡᠯ᠂
“ᠭᠤᠲᠤᠭᠠᠷ ᠪᠠᠶᠢᠷᠢ”᠆ᠲᠤ ᠲᠤᠰ ᠠᠩᢉᠢ ᠶ᠋ᠢᠨ ᠬᠠᠮᠠᠭᠠᠯᠠᠯᠲᠠ ᠶ᠋ᠢᠨ ᠠᠵᠢᠯᠲᠠᠨ ᠳᠡᠳ᠋ ᠠᠬᠠᠯᠠᠭᠴᠢ ᠪ᠂ᠣᠳᠬᠠᠨᠵᠢᠷᠭᠠᠯ ᠨᠠᠷ ᠲᠤᠰ ᠲᠤᠰ ᠰᠢᠯᠭᠠᠷᠠᠯᠠ᠃
Цагдаа, дотоодын цэргийн байгууллагын ахлагч бүрэлдэхүүний мэргэжлийн ур чадвар, албаны бэлэн байдал, хууль эрх зүй, компьютер, гадаад хэлний мэдлэг, галт зэвсэг, бие бялдрын бэлтгэлжилтийн түвшинг хангуулах зорилгоор “Шилдэг ахлагч” 2026 аварга шалгаруулах тэмцээн зохион байгуулагдлаа.




Тус тэмцээнд 57 анги, байгууллагын 110 алба хаагч оролцож хурд, хүч, авхаалж самбаа, мэдлэг, ур чадвараа сорин өрсөлдөж тэмцээний аваргуудаа тодрууллаа.
Тэмцээний эрэгтэй төрөлд:
“Тэргүүн байр”-т Дотоодын цэргийн 809 дүгээр ангийн довтлогч, дэд ахлагч Б.Болдбаяр,
“Дэд байр”-т 05 дугаар ангийн хамгаалалтын ажилтан, дэд ахлагч Г.Галдандорж,
“Гутгаар байр”-т Санхүү, ар талын албаны Автобаазын цагдаа жолооч, цагдаагийн ахлагч Б.Сүхбат тус тус шалгарлаа.
Тэмцээний эмэгтэй төрөлд:
“Тэргүүн байр”-т Цагдаа, дотоодын цэргийн сургалтын нэгдсэн төвийн бичиг хэргийн эрхлэгч, цагдаагийн дэд ахлагч Д.Энхзул ,
“Дэд байр”-т Дотоодын цэргийн 809 дүгээр ангийн бичиг хэргийн эрхлэгч Б.Сарангэрэл,
“Гутгаар байр”-т тус ангийн хамгаалалтын ажилтан дэд ахлагч Б.Отгонжаргал нар тус тус шалгарлаа.
100 жил
