ШИНЭХЭН ТӨГСӨГЧДИЙГ ХҮЛЭЭН АВЧ, СУРГАЛТ ЗОХИОН БАЙГУУЛЛАА
ᠰᠢᠨᠡᢈᠡᠨ ᠲᠡᢉᠦᠰᠦᢉᠴᠢᠳ ᠢ᠋ ᢈᠦᠯᠢᠶᠡᠨ ᠠᠪᠴᠤ᠂ ᠰᠤᠷᠭᠠᠯᠲᠠ ᠵᠣᢈᠢᠶᠠᠨ ᠪᠠᠶᠢᠭᠤᠯᠤᠯᠠ
ᠴᠠᠭᠳᠠᠭᠠ ᠶ᠋ᠢᠨ ᠶᠡᠷᠦᠩᢈᠡᠢ ᠭᠠᠵᠠᠷ ᠤ᠋ᠨ ᠳᠡᠳ᠋ ᠳᠠᠷᠤᠭᠠ ᠶ᠋ᠢᠨ ᠪᠠᠲᠤᠯᠠᠭᠰᠠᠨ “ᠳᠣᠲᠤᠭᠠᠳᠤ ᢈᠡᠷᠡᢉ ᠦ᠋ᠨ ᠶᠡᢈᠡ ᠰᠤᠷᠭᠠᠭᠤᠯᠢ ᠶ᠋ᠢᠨ ᠴᠠᠭᠳᠠᠭᠠ ᠶ᠋ᠢᠨ ᠰᠤᠷᠭᠠᠭᠤᠯᠢ ᠶ᠋ᠢ ᠒᠐᠒᠖ ᠣᠨ ᠳ᠋ᠤ «ᠴᠠᠭᠳᠠᠭᠠ ᠰᠤᠳᠤᠯᠤᠯ", ︽ᠠᠶᠤᠯ ᠦᢉᠡᠢ ᠪᠠᠶᠢᠳᠠᠯ–ᠳᠣᠲᠤᠭᠠᠳᠤ ᠶ᠋ᠢᠨ ᠴᠡᠷᠢᢉ« ᠮᠡᠷᢉᠡᠵᠢᠯ ᠢ᠋ᠶᠡᠷ ᠲᠡᢉᠦᠰᢈᠦ ᠲᠡᢉᠦᠰᠦᢉᠴᠢᠳ ᠲᠦ ᠠᠵᠢᠯ ᠮᠡᠷᢉᠡᠵᠢᠯ ᠦ᠋ᠨ ᠴᠢᢉ ᠪᠠᠷᠢᠮᠵᠢᠶᠠ ᠣᠯᠭᠤᠬᠤ ᠰᠤᠷᠭᠠᠯᠲᠠ ᠶ᠋ᠢᠨ ᢈᠥᠲᠦᠯᠪᠦᠷᠢ”᠆ᠶ᠋ᠢᠨ ᠳᠠᠭᠠᠭᠤ «ᠠᠶᠤᠯ ᠦᢉᠡᠢ ᠪᠠᠶᠢᠳᠠᠯ–ᠳᠣᠲᠤᠭᠠᠳᠤ ᠶ᠋ᠢᠨ ᠴᠡᠷᠢᢉ« ᠮᠡᠷᢉᠡᠵᠢᠯ ᠢ᠋ᠶᠡᠷ ᠰᠤᠷᠤᠯᠴᠠᠨ ᠲᠡᢉᠦᠰᠴᠦ᠂ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠳ᠋ᠤ ᠠᠵᠢᠯᠯᠠᠬᠤ ᠪᠠᠷ ᠲᠣᠮᠢᠯᠠᠭᠳᠠᠭᠰᠠᠨ ᠲᠡᢉᠦᠰᠦᢉᠴᠢᠳ ᠲᠦ ᠠᠵᠢᠯ᠂ ᠮᠡᠷᢉᠡᠵᠢᠯ ᠦ᠋ᠨ ᠴᠢᢉ ᠪᠠᠷᠢᠮᠵᠢᠶᠠ ᠣᠯᠭᠤᠬᠤ ᠰᠤᠷᠭᠠᠯᠲᠠ ᠶ᠋ᠢ ᠒᠐᠒᠖ ᠣᠨ ᠤ᠋ ᠐᠖ ᠳ᠋ᠤᠭᠠᠷ ᠰᠠᠷᠠ ᠶ᠋ᠢᠨ ᠒᠗᠆ᠤ᠋ ᠡᠳᠦᠷ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠪᠠᠶᠢᠷᠢᠨ ᠳ᠋ᠤ ᠵᠣᢈᠢᠶᠠᠨ ᠪᠠᠶᠢᠭᠤᠯᠤᠯᠠ᠃ ᠰᠤᠷᠭᠠᠯᠲᠠ ᠶ᠋ᠢᠨ ᢈᠦᠷᠢᠶᠡᠨ ᠳ᠋ᠦ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠡᢉᠦᠰᠦᠯ ᢈᠥᢉᠵᠢᠯ᠂ᠪᠦᠲᠦᠴᠡ᠂ ᠴᠢᢉ ᠡᢉᠦᠷᢉᠡ᠂ ᠦᠶᠢᠯᠡ ᠠᠵᠢᠯᠯᠠᠭᠠᠨ ᠤ᠋ ᠪᠣᠳᠤᠯᠭᠠ᠂ ᠴᠢᢉᠯᠡᠯ᠂ ᠠᠯᠪᠠ ᠬᠠᠭᠠᠭᠴᠢᠳ ᠤ᠋ᠨ ᠨᠡᠶᠢᢉᠡᠮ ᠦ᠋ᠨ ᠪᠠᠲᠤᠯᠠᠭᠠ᠂ ᠰᠠᢈᠢᠯᠭᠠ᠂ ᠶᠣᠰᠤ ᠵᠦᠢ ᠵᠡᠷᢉᠡ ᠰᠡᠳᠦᠪ ᠢ᠋ᠶᠡᠷ ᠨᠡᠶᠢᠲᠡ ᠓ ᠴᠠᠭ ᠤ᠋ᠨ ᠰᠤᠷᠭᠠᠯᠲᠠ ᠵᠣᢈᠢᠶᠠᠨ ᠪᠠᠶᠢᠭᠤᠯᠤᠭᠰᠠᠨ ᠶᠤᠮ᠃ ᠰᠤᠷᠭᠠᠯᠲᠠ ᠶ᠋ᠢᠨ ᠲᠡᢉᠦᠰᢈᠡᠯ ᠳ᠋ᠦ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠵᠠᢈᠢᠷᠭᠠᠨ ᠤ᠋ ᠤᠳᠤᠷᠢᠳᠤᠯᠭᠠ ᠶ᠋ᠢᠨ ᠭᠠᠵᠠᠷ ᠤ᠋ᠨ ᠳᠠᠷᠤᠭᠠ᠂ᠬᠤᠷᠠᠩᠳᠠ ᠬᠠ᠂ᠨᠠᠷᠠᠨᠪᠠᠭᠠᠲᠤᠷ ᠰᠢᠨᠡ ᠪᠡᠷ ᠲᠣᠮᠢᠯᠠᠭᠳᠠᠨ ᠠᠵᠢᠯᠯᠠᠬᠤ ᠠᠯᠪᠠ ᠬᠠᠭᠠᠭᠴᠢᠳ ᠲᠤ ᠵᠥᠪᠯᠡᠮᠵᠢ᠂ ᠠᠵᠢᠯ ᠤ᠋ᠨ ᠴᠢᢉᠯᠡᠯ ᠢ᠋ ᠥᢉᠴᠦ᠂ ᠪᠠᠶᠠᠷ ᢈᠦᠷᢉᠡᠨ ᠴᠠᠭᠠᠰᠢᠳᠠ ᠶ᠋ᠢᠨ ᠠᠯᠪᠠᠨ ᠳ᠋ᠤ ᠨᠢ ᠠᠮᠵᠢᠯᠲᠠ ᢈᠦᠰᠡᠯᠡ᠃
Цагдаагийн ерөнхий газрын дэд даргын баталсан “Дотоод хэргийн их сургуулийн Цагдаагийн сургуулийг 2026 онд "Цагдаа судлал", "Аюулгүй байдал–Дотоодын цэрэг" мэргэжлээр төгсөх төгсөгчдөд ажил мэргэжлийн чиг баримжаа олгох сургалтын хөтөлбөр”-ийн дагуу "Аюулгүй байдал–Дотоодын цэрэг" мэргэжлээр суралцан төгсөж, Дотоодын цэргийн байгууллагад ажиллахаар томилогдсон төгсөгчдөд ажил, мэргэжлийн чиг баримжаа олгох сургалтыг 2026 оны 06 дугаар сарын 27-ны өдөр Дотоодын цэргийн штабын байранд зохион байгууллаа.




Сургалтын хүрээнд Дотоодын цэргийн байгууллагын үүсэл хөгжил, бүтэц, чиг үүрэг, үйл ажиллагааны бодлого, чиглэл, алба хаагчдын нийгмийн баталгаа, сахилга, ёс зүй зэрэг сэдвээр нийт 3 цагийн сургалт зохион байгуулсан юм.
Сургалтын төгсгөлд Дотоодын цэргийн штабын Захиргааны удирдлагын газрын дарга, хурандаа Х.Наранбаатар шинээр томилогдон ажиллах алба хаагчдад зөвлөмж, ажлын чиглэлийг өгч, баяр хүргэн цаашдын албанд нь амжилт хүслээ.
100 жил
