“УУРААР БУС УХААЛГААР-2” ТУСГАЙ АЖИЛЛАГААНЫ НЭЭЛТ БОЛЛОО
ᠠᠭᠤᠷ ᠢ᠋ᠶᠠᠷ ᠪᠤᠰᠤ ᠤᠬᠠᠭᠠᠯᠢᠭ ᠢ᠋ᠶᠠᠷ᠆᠒” ᠲᠤᠰᠬᠠᠢ ᠠᠵᠢᠯᠯᠠᠭᠠᠨ ᠤ᠋ ᠨᠡᢉᠡᢉᠡᠯᠲᠡ ᠪᠣᠯᠤᠯᠠ
ᠣᠷᠬᠤᠨ ᠠᠶᠢᠮᠠᠭ ᠤ᠋ᠨ ᢉᠡᠮᠲᠦ ᢈᠡᠷᠡᢉ ᠡᠴᠡ ᠤᠷᠢᠳᠴᠢᠯᠠᠨ ᠰᠡᠷᢉᠡᠶᠢᠯᠡᢈᠦ ᠠᠵᠢᠯ ᠢ᠋ ᠵᠣᢈᠢᠴᠠᠭᠤᠯᠬᠤ ᠰᠠᠯᠪᠤᠷᠢ ᠵᠥᠪᠯᠡᠯ᠂“ᠡᠷᠳᠡᠨᠢᠲᠦ ᠦᠶᠢᠯᠡᠳᠪᠦᠷᠢ” ᠲᠥ᠂ᠦ᠂ᢉ᠆ᠤ᠋ᠨ ᢉᠡᠷᠡᠲᠦ ᠳᠣᠲᠤᠭᠠᠳᠤ ᠶ᠋ᠢᠨ ᠴᠡᠷᠢᢉ ᠦ᠋ᠨ ᠘᠑᠖ ᠳ᠋ᠤᠭᠠᠷ ᠠᠩᢉᠢ᠂ ᠭᠠᠮᠰᠢᠭ ᠠ᠋ᠴᠠ ᠬᠠᠮᠠᠭᠠᠯᠠᠬᠤ ᠱᠲ᠋ᠠᠪ ᠬᠠᠮᠲᠤᠷᠠᠨ ᠵᠣᢈᠢᠶᠠᠨ ᠪᠠᠶᠢᠭᠤᠯᠵᠤ ᠪᠤᠢ “ᠠᠭᠤᠷ ᠢ᠋ᠶᠠᠷ ᠪᠤᠰᠤ ᠤᠬᠠᠭᠠᠯᠢᠭ ᠢ᠋ᠶᠠᠷ᠆᠒” ᠲᠤᠰᠬᠠᠢ ᠠᠷᠭᠠ ᢈᠡᠮᠵᠢᠶᠡᠨ ᠦ᠋ ᠨᠡᢉᠡᢉᠡᠯᠲᠡ ᠶ᠋ᠢ ᠒᠐᠒᠖ ᠣᠨ ᠤ᠋ ᠐᠖ ᠳ᠋ᠤᠭᠠᠷ ᠰᠠᠷᠠ ᠶ᠋ᠢᠨ ᠓᠐᠆ᠤ᠋ ᠡᠳᠦᠷ ᠦ᠋ᠨ ᠑᠕:᠐᠐᠆᠑᠖:᠓᠐ ᠴᠠᠭ ᠤ᠋ᠨ ᠬᠣᠭᠤᠷᠤᠨᠳᠤ ᠰᠣᠶᠤᠯ᠂ ᠤᠷᠠᠯᠢᠭ ᠤ᠋ᠨ ᠴᠣᠭᠴᠠᠯᠠᠪᠤᠷᠢ ᠶ᠋ᠢᠨ ᠶᠡᢈᠡ ᠲᠠᠩᢈᠢᠮ ᠳ᠋ᠤ ᠵᠣᢈᠢᠶᠠᠨ ᠪᠠᠶᠢᠭᠤᠯᠤᠯᠠ᠃ ᠲᠤᠰ ᠠᠷᠭᠠ ᢈᠡᠮᠵᠢᠶᠡ ᠨᠢ ᠦᠶᠢᠯᠡᠳᠪᠦᠷᠢ ᠶ᠋ᠢᠨ ᠭᠠᠵᠠᠷ ᠤ᠋ᠨ ᠠᠵᠢᠯᠲᠠᠨ᠂ ᠠᠯᠪᠠ ᠬᠠᠭᠠᠭᠴᠢᠳ ᠢ᠋ ᢈᠦᠮᠦᠨ ᠦ᠋ ᠡᠷᠡᢉᠦᠯ ᠮᠡᠨᠳᠦ ᠶ᠋ᠢᠨ ᠬᠠᠯᠳᠠᠰᠢ ᠦᢉᠡᠢ ᠪᠠᠶᠢᠳᠠᠯ ᠤ᠋ᠨ ᠡᠰᠡᠷᢉᠦ ᢉᠡᠮᠲᠦ ᢈᠡᠷᠡᢉ᠂ᠵᠥᠷᠢᠴᠡᠯ ᠡᠴᠡ ᠤᠷᠢᠳᠴᠢᠯᠠᠨ ᠰᠡᠷᢉᠡᠶᠢᠯᠡᢈᠦ᠂ ᠡᠷᢈᠡ ᠵᠦᠢ ᠶ᠋ᠢᠨ ᠮᠡᠳᠡᠯᢉᠡ᠂ ᠣᠶᠢᠯᠠᠭᠠᠯᠲᠠ ᠶ᠋ᠢ ᠨᠡᠮᠡᢉᠳᠡᢉᠦᠯᢈᠦ᠂ᠠᠯᠢᠪᠠ ᠮᠠᠷᠭᠤᠭᠠᠨ᠂ ᠦᠯᠦ ᠣᠶᠢᠯᠠᠭᠠᠯᠴᠠᠯ ᠢ᠋ ᠠᠭᠤᠷ ᠪᠤᢈᠢᠨᠢᠳᠤᠯ ᠢ᠋ᠶᠠᠷ ᠪᠤᠰᠤ ᠵᠥᠪ ᠬᠠᠷᠢᠯᠴᠠᠭᠠ᠂ ᠬᠠᠤᠯᠢ ᠶᠣᠰᠤᠨ ᠤ᠋ ᠠᠷᠭᠠ ᠵᠠᠮ ᠢ᠋ᠶᠠᠷ ᠰᠢᠢᠳᠪᠦᠷᠢᠯᠡᢈᠦ ᠬᠠᠨᠳᠤᠯᠭᠠ ᠶ᠋ᠢ ᠲᠥᠯᠦᠪᠰᠢᢉᠦᠯᢈᠦ ᠵᠣᠷᠢᠯᠭᠠᠲᠠᠢ ᠪᠥᢉᠡᠳ ᠒᠐᠒᠖ ᠣᠨ ᠢ᠋ ᠳᠠᠭᠤᠰᠲᠠᠯᠠ ᢈᠡᠷᠡᢉᠵᠢᢈᠦ ᠪᠡᠷ ᠲᠥᠯᠦᠪᠯᠡᢉᠳᠡᢉᠰᠡᠨ᠃ ᠨᠡᢉᠡᢉᠡᠯᠲᠡ ᠶ᠋ᠢᠨ ᠠᠷᠭᠠ ᢈᠡᠮᠵᠢᠶᠡᠨ ᠳ᠋ᠦ ᠣᠷᠬᠤᠨ ᠠᠶᠢᠮᠠᠭ ᠤ᠋ᠨ ᠵᠠᠰᠠᠭ ᠳᠠᠷᠤᠭᠠ ᠶ᠋ᠢᠨ ᠣᠷᠤᠯᠠᠭᠴᠢ ᠪ᠂ᠮᠦᠩᢈᠡᠳᠠᠯᠠᠢ᠂ᠠᠶᠢᠮᠠᠭ ᠤ᠋ᠨ ᢉᠡᠮᠲᠦ ᢈᠡᠷᠡᢉ ᠡᠴᠡ ᠤᠷᠢᠳᠴᠢᠯᠠᠨ ᠰᠡᠷᢉᠡᠶᠢᠯᠡᢈᠦ ᠠᠵᠢᠯ ᠢ᠋ ᠵᠣᢈᠢᠴᠠᠭᠤᠯᠬᠤ ᠰᠠᠯᠪᠤᠷᠢ ᠵᠥᠪᠯᠡᠯ ᠦ᠋ᠨ ᠨᠠᠷᠢᠨ ᠪᠢᠴᠢᢉ ᠦ᠋ᠨ ᠳᠠᠷᠤᠭᠠ ᠪ᠂ᠪᠣᠯᠤᠷᠲᠤᠩᠭᠠᠯᠠᠭ᠂“ᠡᠷᠳᠡᠨᠢᠲᠦ ᠦᠶᠢᠯᠡᠳᠪᠦᠷᠢ” ᠲᠥ᠂ᠦ᠂ᢉ᠆ᠤ᠋ᠨ ᠼᠧᠾ᠂ ᢈᠡᠰᠡᢉ ᠦ᠋ᠨ ᠤᠳᠤᠷᠢᠳᠤᠯᠭᠠ ᠨᠤᠭᠤᠳ᠂ ᠠᠵᠢᠯᠲᠠᠨ᠂ ᠠᠯᠪᠠ ᠬᠠᠭᠠᠭᠴᠢᠳ ᠣᠷᠤᠯᠴᠠᠭᠰᠠᠨ ᠪᠥᢉᠡᠳ ᠨᠡᠶᠢᠲᠡ ᠓᠐᠐ ᠣᠷᠴᠢᠮ ᠠᠵᠢᠯᠲᠠᠨ ᠬᠠᠮᠤᠷᠤᠭᠳᠠᠭᠰᠠᠨ ᠪᠠᠶᠢᠨᠠ᠃ ᠠᠷᠭᠠ ᢈᠡᠮᠵᠢᠶᠡᠨ ᠦ᠋ ᠦᠶᠡ ᠪᠡᠷ ᠳᠣᠲᠤᠭᠠᠳᠤ ᠶ᠋ᠢᠨ ᠴᠡᠷᠢᢉ ᠦ᠋ᠨ ᠘᠑᠖ ᠳ᠋ᠤᠭᠠᠷ ᠠᠩᢉᠢ ᠠ᠋ᠴᠠ ᠪᠡᠯᠡᠳᢈᠡᠨ ᠪᠣᠯᠪᠠᠰᠤᠷᠠᠭᠤᠯᠤᠭᠰᠠᠨ ᢈᠦᠮᠦᠨ ᠦ᠋ ᠡᠷᠡᢉᠦᠯ ᠮᠡᠨᠳᠦ ᠶ᠋ᠢᠨ ᠬᠠᠯᠳᠠᠰᠢ ᠦᢉᠡᠢ ᠪᠠᠶᠢᠳᠠᠯ ᠤ᠋ᠨ ᠡᠰᠡᠷᢉᠦ ᢉᠡᠮᠲᠦ ᢈᠡᠷᠡᢉ᠂ᠵᠥᠷᠢᠴᠡᠯ ᠡᠴᠡ ᠤᠷᠢᠳᠴᠢᠯᠠᠨ ᠰᠡᠷᢉᠡᠶᠢᠯᠡᢈᠦ ᠠᠭᠤᠯᠭᠠ ᠪᠦᢈᠦᠢ ᠘ ᠲᠥᠷᠦᠯ ᠦ᠋ᠨ ᠔᠒᠐ ᠰᠢᠷᢈᠡᢉ ᠭᠠᠷ ᠤ᠋ᠨ ᠠᠪᠤᠯᠭᠠ᠂ ᠰᠡᠷᠡᠮᠵᠢᠯᠡᢉᠦᠯᢉᠡ ᠮᠠᠲ᠋ᠧᠷᠢᠠᠯ ᠢ᠋ ᠲᠠᠷᠠᠭᠠᠨ ᢈᠦᠷᢉᠡᠯᠡ᠃ ᠮᠥᠨ ᠣᠷᠬᠤᠨ ᠠᠶᠢᠮᠠᠭ ᠤ᠋ᠨ ᠴᠠᠭᠳᠠᠭᠠ ᠶ᠋ᠢᠨ ᠭᠠᠵᠠᠷ ᠤ᠋ᠨ ᢉᠡᠮᠲᠦ ᢈᠡᠷᠡᢉ᠂ ᠵᠥᠷᠢᠴᠡᠯ ᠰᠢᠯᠭᠠᠬᠤ ᠲᠠᠰᠤᠭ ᠤ᠋ᠨ ᠮᠥᠷᠳᠡᢉᠴᠢ᠂ᠴᠠᠭᠳᠠᠭᠠ ᠶ᠋ᠢᠨ ᠠᠬᠠᠯᠠᠬᠤ ᠳᠡᠰᠯᠡᢉᠴᠢ ᠲ᠂ᠠᠯᠲᠠᠨᠲᠣᠭᠲᠠᠬᠤ᠂ ᠰᠢᢉᠦᢈᠦ ᠰᠢᠨᠵᠢᠯᠡᢉᠡᠨ ᠦ᠋ ᠶᠡᠷᠦᠩᢈᠡᠢ ᠭᠠᠵᠠᠷ ᠤ᠋ᠨ ᠣᠷᠬᠤᠨ ᠠᠶᠢᠮᠠᠭ ᠳ᠋ᠠᢈᠢ ᠰᠠᠯᠪᠤᠷᠢ ᠶ᠋ᠢᠨ ᠠᠬᠠᠯᠠᠬᠤ ᠰᠢᠨᠵᠢᢉᠡᠴᠢ᠆ᠡᠮᠴᠢ᠂ᠴᠠᠭᠳᠠᠭᠠ ᠶ᠋ᠢᠨ ᠬᠣᠰᠢᠭᠤᠴᠢ ᠴ᠂ᠪᠤᠶᠠᠨᠵᠠᠶᠠᠭᠠ ᠨᠠᠷ ᢈᠦᠮᠦᠨ ᠦ᠋ ᠡᠷᠡᢉᠦᠯ ᠮᠡᠨᠳᠦ ᠶ᠋ᠢᠨ ᠬᠠᠯᠳᠠᠰᠢ ᠦᢉᠡᠢ ᠪᠠᠶᠢᠳᠠᠯ ᠤ᠋ᠨ ᠡᠰᠡᠷᢉᠦ ᢉᠡᠮᠲᠦ ᢈᠡᠷᠡᢉ ᠦ᠋ᠨ ᠨᠥᢈᠦᠴᠡᠯ ᠪᠠᠶᠢᠳᠠᠯ᠂ᠰᠢᠯᠲᠠᠭᠠᠨ᠂ ᠨᠥᠯᠦᢉᠡᠯᠡᢈᠦ ᢈᠦᠴᠦᠨ ᠵᠦᠶᠢᠯ᠂ ᠤᠷᠢᠳᠴᠢᠯᠠᠨ ᠰᠡᠷᢉᠡᠶᠢᠯᠡᢈᠦ ᠠᠷᠭᠠ ᢈᠡᠮᠵᠢᠶᠡᠨ ᠦ᠋ ᠲᠠᠯᠠᠭᠠᠷ ᠮᠡᠳᠡᢉᠡᠯᠡᠯ ᢈᠢᠵᠦ᠂ ᠣᠷᠤᠯᠴᠠᠭᠴᠢᠳ ᠲᠤ ᠬᠠᠤᠯᠢ᠂ ᠡᠷᢈᠡ ᠵᠦᠢ ᠶ᠋ᠢᠨ ᠮᠡᠳᠡᠯᢉᠡ ᠣᠯᠭᠤᠯᠠ᠃
Орхон аймгийн Гэмт хэргээс урьдчилан сэргийлэх ажлыг зохицуулах салбар зөвлөл, “Эрдэнэт үйлдвэр” ТӨҮГ-ын гэрээт Дотоодын цэргийн 816 дугаар анги, Гамшгаас хамгаалах штаб хамтран зохион байгуулж буй “Уураар бус ухаалгаар-2” тусгай арга хэмжээний нээлтийг 2026 оны 06 дугаар сарын 30-ны өдрийн 15:00-16:30 цагийн хооронд Соёл, урлагийн цогцолборын их танхимд зохион байгууллаа.



Тус арга хэмжээ нь үйлдвэрийн газрын ажилтан, алба хаагчдыг хүний эрүүл мэндийн халдашгүй байдлын эсрэг гэмт хэрэг, зөрчлөөс урьдчилан сэргийлэх, эрх зүйн мэдлэг, ойлголтыг нэмэгдүүлэх, аливаа маргаан, үл ойлголцлыг уур бухимдлаар бус зөв харилцаа, хууль ёсны арга замаар шийдвэрлэх хандлагыг төлөвшүүлэх зорилготой бөгөөд 2026 оныг дуустал хэрэгжихээр төлөвлөгдсөн.
Нээлтийн арга хэмжээнд Орхон аймгийн Засаг даргын орлогч Б.Мөнхдалай, аймгийн Гэмт хэргээс урьдчилан сэргийлэх ажлыг зохицуулах салбар зөвлөлийн нарийн бичгийн дарга Б.Болортунгалаг, “Эрдэнэт үйлдвэр” ТӨҮГ-ын цех, хэсгийн удирдлагууд, ажилтан, алба хаагчид оролцсон бөгөөд нийт 300 орчим ажилтан хамрагдсан байна.
Арга хэмжээний үеэр Дотоодын цэргийн 816 дугаар ангиас бэлтгэн боловсруулсан хүний эрүүл мэндийн халдашгүй байдлын эсрэг гэмт хэрэг, зөрчлөөс урьдчилан сэргийлэх агуулга бүхий 8 төрлийн 420 ширхэг гарын авлага, сэрэмжлүүлэг материалыг тараан хүргэлээ.
Мөн Орхон аймгийн Цагдаагийн газрын Гэмт хэрэг, зөрчил шалгах тасгийн мөрдөгч, цагдаагийн ахлах дэслэгч Т.Алтантогтох, Шүүх шинжилгээний ерөнхий газрын Орхон аймаг дахь салбарын ахлах шинжээч-эмч, цагдаагийн хошууч Ч.Буянзаяа нар хүний эрүүл мэндийн халдашгүй байдлын эсрэг гэмт хэргийн нөхцөл байдал, шалтгаан, нөлөөлөх хүчин зүйл, урьдчилан сэргийлэх арга хэмжээний талаар мэдээлэл хийж, оролцогчдод хууль, эрх зүйн мэдлэг олголоо.
100 жил
