COP17 “ТОРГОНЫ ЗАМЫН ЖИНГИЙН ЦУВАА”-ГААР ЭХЭЛЛЭЭ
COP᠑᠗ ᠣᠯᠠᠨ ᠤᠯᠤᠰ ᠤ᠋ᠨ ᠠᠷᠭᠠ ᢈᠡᠮᠵᠢᠶᠡᠨ ᠦ᠋ ᠡᢈᠢᠨ ᠦ᠋ ᠡᠳᠦᠷ ᠨᠡᢉᠡᢉᠡᠯᠲᠡ ᠶ᠋ᠢᠨ ᠶᠣᠰᠤᠯᠠᠯ᠂ᠠᠩᠬᠠᠨ ᠤ᠋ ᠨᠢᢉᠡᠳᠦᢉᠰᠡᠨ ᠬᠤᠷᠠᠯᠳᠤᠭᠠᠨ᠂ ᠨᠡᢉᠡᢉᠡᠯᠲᠡ ᠶ᠋ᠢᠨ ᢈᠡᠪᠯᠡᠯ ᠦ᠋ᠨ ᠪᠠᠭᠠ ᠬᠤᠷᠠᠯ ᠪᠣᠯᠤᠨ ᠢᠷᢉᠡᠨ ᠦ᠋ ᠨᠡᠶᠢᢉᠡᠮ ᠦ᠋ᠨ ᠲᠡᠷᠢᢉᠦᠯᠡᢈᠦ ᠴᠢᢉᠯᠡᠯ ᠦ᠋ᠳ ᠢ᠋ ᠲᠠᠨᠢᠯᠴᠠᠭᠤᠯᠬᠤ ᢈᠡᠪᠯᠡᠯ ᠦ᠋ᠨ ᠪᠠᠭᠠ ᠬᠤᠷᠠᠯ ᠢ᠋ᠶᠠᠷ ᠦᠷᢉᠦᠯᠵᠢᠯᠡᠵᠦ ᠪᠠᠶᠢᠨᠠ᠃ COP᠑᠗ ᠣᠯᠠᠨ ᠤᠯᠤᠰ ᠤ᠋ᠨ ᠠᠷᠭᠠ ᢈᠡᠮᠵᠢᠶᠡᠨ ᠳ᠋ᠦ ᠳᠡᠯᠡᢈᠡᠢ ᠶ᠋ᠢᠨ ᠑᠙᠗ ᠣᠷᠤᠨ ᠤ᠋ ᠑᠐᠂᠐᠐᠐ ᠭᠠᠷᠤᠢ ᠵᠣᠴᠢᠨ᠂ᠲᠥᠯᠦᢉᠡᠯᠡᢉᠴᠢ ᠣᠷᠤᠯᠴᠠᠵᠤ ᠪᠠᠶᠢᠭᠠ ᠪᠥᢉᠡᠳ ᠲᠡᠳᠡᠨ ᠦ᠋ ᠠᠶᠤᠯ ᠦᢉᠡᠢ ᠪᠠᠶᠢᠳᠠᠯ ᠢ᠋ ᠬᠠᠩᠭᠠᠬᠤ᠂ᠨᠡᠶᠢᠲᠡ ᠶ᠋ᠢᠨ ᢈᠡᠪ ᠵᠢᠷᠤᠮ ᠰᠠᢈᠢᠭᠤᠯᠬᠤ᠂ ᠵᠠᠮ ᠤ᠋ᠨ ᢈᠥᠳᠡᠯᢉᠡᢉᠡᠨ ᠦ᠋ ᠠᠶᠤᠯ ᠦᢉᠡᠢ ᠪᠠᠶᠢᠳᠠᠯ ᠢ᠋ ᠬᠠᠩᠭᠠᠬᠤ᠂ᠪᠣᠯᠵᠤᠰᠢ ᠦᢉᠡᠢ ᠡᠷᠦᠰᠳᠡᠯ ᠡᠴᠡ ᠤᠷᠢᠳᠴᠢᠯᠠᠨ ᠰᠡᠷᢉᠡᠶᠢᠯᠡᢈᠦ ᠴᠢᢉᠯᠡᠯ ᠢ᠋ᠶᠡᠷ ᠴᠠᠭᠳᠠᠭᠠ᠂ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠠᠯᠪᠠ ᠬᠠᠭᠠᠭᠴᠢᠳ ᠡᢉᠦᠷᢉᠡ ᢉᠦᠶᠢᠴᠡᠳᢈᠡᠨ ᠠᠵᠢᠯᠯᠠᠵᠤ ᠪᠠᠶᠢᠨᠠ᠃ ᠳᠡᢉᠡᠷᠡᢈᠢ ᠡᠳᠦᠷ ᠦ᠋ᠳ ᠲᠦ ᠠᠦ᠋ᠲ᠋ᠣ᠋ ᠵᠠᠮ ᠤ᠋ᠨ ᠠᠴᠢᠶᠠᠯᠠᠯ ᠢ᠋ ᠪᠠᠭᠤᠷᠠᠭᠤᠯᠬᠤ᠂ ᢈᠥᠳᠡᠯᢉᠡᢉᠡᠨ ᠦ᠋ ᠠᠶᠤᠯ ᠦᢉᠡᠢ ᠪᠠᠶᠢᠳᠠᠯ ᠢ᠋ ᠬᠠᠩᠭᠠᠬᠤ ᠵᠣᠷᠢᠯᠭᠠ ᠪᠠᠷ ᠳᠦᠩᠵᠦᠩᠭᠠᠷᠪᠣ᠂ᠨᠠᠷᠠᠨᠲᠤᠤᠯᠠ ᠵᠠᠬᠠ ᠣᠷᠴᠢᠮ ᠤ᠋ᠨ ᠠᠦ᠋ᠲ᠋ᠣ᠋ ᠵᠠᠮ ᠤ᠋ᠨ ᢈᠥᠳᠡᠯᢉᠡᢉᠡᠨ ᠢ᠋ ᠲᠦᠷ ᠬᠤᠭᠤᠴᠠᠭᠠ ᠪᠠᠷ ᢈᠢᠵᠠᠭᠠᠷᠯᠠᠵᠤ ᠪᠠᠶᠢᠭᠠ ᠲᠤᠯᠠ ᠵᠢᠯᠤᠭᠤᠴᠢ ᠲᠠ ᠪᠤᠰᠤᠳ ᠪᠣᠯᠤᠮᠵᠢᠲᠤ ᠵᠠᠮ ᠢ᠋ ᠰᠣᠩᠭᠤᠨ ᢈᠥᠳᠡᠯᢉᠡᢉᠡᠨ ᠳ᠋ᠦ ᠣᠷᠤᠯᠴᠠᠨᠠ ᠤᠤ᠃ ᠲᠠ ᠪᠦᢈᠦᠨ ᠢ᠋ ᠵᠠᠮ ᠤ᠋ᠨ ᢈᠥᠳᠡᠯᢉᠡᢉᠡᠨ ᠦ᠋ ᠳᠦᠷᠢᠮ ᠢ᠋ᠶᠡᠨ ᠮᠥᠷᠳᠡᠵᠦ᠂ ᠠᠯᠪᠠ ᠬᠠᠭᠠᠭᠴᠢᠳ ᠤ᠋ᠨ ᠬᠠᠤᠯᠢ ᠶᠣᠰᠤᠨ ᠤ᠋ ᠱᠠᠭᠠᠷᠳᠠᠯᠭᠠ ᠶ᠋ᠢ ᠪᠡᠶᠡᠯᠡᢉᠦᠯᠦᠨ᠂ ᠲᠡᠪᠴᠢᠶᠡᠷᠢᠲᠡᠢ᠂ ᢈᠦᠯᠢᠶᠡᠴᠡᠲᠡᠢ ᠣᠷᠤᠯᠴᠠᠬᠤ ᠶ᠋ᠢ ᠤᠷᠢᠶᠠᠯᠠᠵᠤ ᠪᠠᠶᠢᠨᠠ᠃
COP17 олон улсын арга хэмжээний эхний өдөр нээлтийн ёслол, анхны нэгдсэн хуралдаан, нээлтийн хэвлэлийн бага хурал болон иргэний нийгмийн тэргүүлэх чиглэлүүдийг танилцуулах хэвлэлийн бага хурлаар үргэлжилж байна.
COP17 олон улсын арга хэмжээнд дэлхийн 197 орны 10,000 гаруй зочин, төлөөлөгч оролцож байгаа бөгөөд тэдний аюулгүй байдлыг хангах, нийтийн хэв журам сахиулах, замын хөдөлгөөний аюулгүй байдлыг хангах, болзошгүй эрсдэлээс урьдчилан сэргийлэх чиглэлээр цагдаа, дотоодын цэргийн байгууллагын алба хаагчид үүрэг гүйцэтгэн ажиллаж байна.




Дээрх өдрүүдэд авто замын ачааллыг бууруулах, хөдөлгөөний аюулгүй байдлыг хангах зорилгоор Дүнжингарав, Нарантуул зах орчмын авто замын хөдөлгөөнийг түр хугацаагаар хязгаарлаж байгаа тул жолооч Та бусад боломжит замыг сонгон хөдөлгөөнд оролцоно уу.
Та бүхнийг замын хөдөлгөөний дүрмээ мөрдөж, алба хаагчдын хууль ёсны шаардлагыг биелүүлэн, тэвчээртэй, хүлээцтэй оролцохыг уриалж байна.
100 жил
