“БОЛЗОЛТ УРАЛДААН”-Ы ШАЛГАРУУЛАЛТ ОРОН НУТГИЙН ДОТООДЫН ЦЭРГИЙН АНГИ, ТУСГАЙ САЛБАРУУДАД ҮРГЭЛЖИЛЖ БАЙНА.
“ᠪᠣᠯᠵᠤᠯᠲᠤ ᠤᠷᠤᠯᠳᠤᠭᠠᠨ”᠆ᠤ᠋ ᠰᠢᠯᠭᠠᠷᠠᠭᠤᠯᠤᠯᠲᠠ ᠣᠷᠤᠨ ᠨᠤᠲᠤᠭ ᠤ᠋ᠨ ᠳᠣᠲᠤᠭᠠᠳᠤ ᠶ᠋ᠢᠨ ᠴᠡᠷᠢᢉ ᠦ᠋ᠨ ᠠᠩᢉᠢ᠂ᠲᠤᠰᠬᠠᠢ ᠰᠠᠯᠪᠤᠷᠢ ᠨᠤᠭᠤᠳ ᠲᠤ ᠦᠷᢉᠦᠯᠵᠢᠯᠡᠵᠦ ᠪᠠᠶᠢᠨᠠ
ᠳᠣᠲᠤᠭᠠᠳᠤ ᠶ᠋ᠢᠨ ᠴᠡᠷᠢᢉ ᠦ᠋ᠨ ᠠᠩᢉᠢ᠂ᠲᠤᠰᠬᠠᠢ ᠰᠠᠯᠪᠤᠷᠢ ᠨᠤᠭᠤᠳ ᠤ᠋ᠨ ᠦᠶᠢᠯᠡ ᠠᠵᠢᠯᠯᠠᠭᠠ ᠶ᠋ᠢ ᠵᠢᢉᠳᠡᠷᠡᢉᠦᠯᢈᠦ᠂ ᠠᠯᠪᠠ ᠬᠠᠭᠠᠭᠴᠢᠳ ᠤ᠋ᠨ ᠴᠡᠷᠢᢉ ᠦ᠋ᠨ ᢈᠡᠷᠡᢉ᠂ᠬᠠᠤᠯᠢ ᠡᠷᢈᠡ ᠵᠦᠢ᠂ ᢈᠦᠮᠦᠨ ᠦ᠋ ᠡᠷᢈᠡ ᠶ᠋ᠢᠨ ᠲᠠᠯᠠᠭᠠᠷᢈᠢ ᠮᠡᠳᠡᠯᢉᠡ ᠶ᠋ᠢ ᠳᠡᢉᠡᢉᠰᠢᠯᠡᢉᠦᠯᢈᠦ᠂ ᠴᠡᠷᠢᢉ ᠦ᠋ᠨ ᠳᠦᠷᠢᠮ᠂ ᠵᠢᠷᠤᠮ ᠰᠠᢈᠢᠨ ᠮᠥᠷᠳᠡᢈᠦ ᠳᠠᠳᠤᠯ ᠢ᠋ ᢈᠡᠪᠰᠢᢉᠦᠯᢈᠦ᠂ ᠰᠠᢈᠢᠯᠭᠠ᠂ ᠶᠣᠰᠤ ᠵᠦᠢ ᠶ᠋ᠢ ᠪᠡᢈᠢᠵᠢᢉᠦᠯᢈᠦ ᠵᠣᠷᠢᠯᠭᠠ ᠪᠠᠷ “ᠪᠣᠯᠵᠤᠯᠲᠤ ᠤᠷᠤᠯᠳᠤᠭᠠᠨ”᠆ᠶ᠋ᠢ ᠵᠣᢈᠢᠶᠠᠨ ᠪᠠᠶᠢᠭᠤᠯᠵᠤ ᠪᠠᠶᠢᠨᠠ᠃ ᠤᠷᠤᠯᠳᠤᠭᠠᠨ ᠤ᠋ ᢈᠦᠷᠢᠶᠡᠨ ᠳ᠋ᠦ ᠠᠩᢉᠢ᠂ ᠰᠠᠯᠪᠤᠷᠢ ᠨᠤᠭᠤᠳ ᠤ᠋ᠨ ᠠᠯᠪᠠ ᠬᠠᠭᠠᠭᠴᠢᠳ ᠤ᠋ᠨ ᠰᠠᢈᠢᠯᠭᠠ᠂ᠬᠠᠷᠢᠭᠤᠴᠠᠯᠭᠠ᠂ ᠳᠦᠷᠢᠮᠴᠢ ᠠᠵᠢᠯᠯᠠᠭᠠ᠂ ᠬᠠᠤᠯᠢ ᠡᠷᢈᠡ ᠵᠦᠢ ᠶ᠋ᠢᠨ ᠮᠡᠳᠡᠯᢉᠡ᠂ᠴᠡᠷᠢᢉ ᠦ᠋ᠨ ᠠᠯᠪᠠᠨ ᠤ᠋ ᠵᠣᢈᠢᠶᠠᠨ ᠪᠠᠶᠢᠭᠤᠯᠤᠯᠲᠠ᠂ ᠮᠥᠨ ᠪᠠᠶᠢᠭᠤᠯᠤᠯᠭᠠ ᠶ᠋ᠢᠨ ᠲᠣᢈᠢᠵᠢᠯᠲᠠ᠂ᠴᠡᠪᠡᠷ ᠴᠡᠮᠴᠡᢉᠡᠷ ᠪᠠᠶᠢᠳᠠᠯ᠂ ᠦᠶᠢᠯᠡ ᠠᠵᠢᠯᠯᠠᠭᠠᠨ ᠤ᠋ ᠵᠢᢉᠳᠡᠷᠡᠯᠲᠡ ᠵᠡᠷᢉᠡ ᠦᠵᠡᢉᠦᠯᠦᠯᠲᠡ ᠶ᠋ᠢ ᠬᠠᠷᠠᠭᠠᠯᠵᠠᠨ ᠳ᠋ᠦᠩᠨᠡᠵᠦ᠂ ᠲᠡᠷᠢᢉᠦᠨ ᠦ᠋ ᠠᠩᢉᠢ᠂ ᠰᠠᠯᠪᠤᠷᠢ᠂ ᠬᠠᠮᠲᠤ ᠣᠯᠠᠨ᠂ ᠠᠯᠪᠠ ᠬᠠᠭᠠᠭᠴᠢ ᠶ᠋ᠢ ᠰᠢᠯᠭᠠᠷᠠᠭᠤᠯᠬᠤ ᠶᠤᠮ᠃ ᠮᠥᠨ ᠳᠣᠲᠤᠭᠠᠳᠤ ᠶ᠋ᠢᠨ ᠴᠡᠷᠢᢉ ᠦ᠋ᠨ ᠱᠲ᠋ᠠᠪ ᠤ᠋ᠨ ᠳᠠᠷᠤᠭᠠ ᠶ᠋ᠢᠨ ᠨᠡᠷᠡᠮᠵᠢᠲᠦ ᠪᠡᠶᠡ ᠪᠢᠯᠳᠠᠷ ᠤ᠋ᠨ ᠲᠦᠪᠰᠢᠨ ᠲᠣᠭᠲᠠᠭᠠᠬᠤ ᠦᠵᠡᠯᢉᠡ ᠶ᠋ᠢ ᠠᠩᢉᠢ᠂ ᠲᠤᠰᠬᠠᠢ ᠰᠠᠯᠪᠤᠷᠢ ᠶ᠋ᠢᠨ ᠠᠯᠪᠠ ᠬᠠᠭᠠᠭᠴᠢᠳ ᠤ᠋ᠨ ᠳᠤᠮᠳᠠ ᠵᠣᢈᠢᠶᠠᠨ ᠪᠠᠶᠢᠭᠤᠯᠵᠤ ᠪᠠᠶᠢᠨᠠ᠃ ᠤᠷᠤᠯᠳᠤᠭᠠᠨ ᠴᠡᠷᠢᢉ ᠦ᠋ᠨ ᠠᠯᠪᠠᠨ ᠤ᠋ ᠵᠣᢈᠢᠶᠠᠨ ᠪᠠᠶᠢᠭᠤᠯᠤᠯᠲᠠ᠂ ᠰᠠᢈᠢᠯᠭᠠ ᠬᠠᠷᠢᠭᠤᠴᠠᠯᠭᠠ᠂ᠠᠯᠪᠠ ᠬᠠᠭᠠᠭᠴᠢᠳ ᠤ᠋ᠨ ᠮᠡᠳᠡᠯᢉᠡ᠂ ᠤᠷᠠ ᠴᠢᠳᠠᠪᠤᠷᠢ᠂ ᠬᠠᠮᠲᠤ ᠣᠯᠠᠨ ᠤ᠋ ᠡᠶᠡᠷᢉᠦ ᠠᠭᠤᠷ ᠠᠮᠢᠰᠬᠤᠯ᠂ ᠪᠠᠶᠢᠭᠤᠯᠤᠯᠭᠠ ᠶ᠋ᠢᠨ ᠰᠣᠶᠤᠯ᠂ ᠲᠣᢈᠢᠵᠢᠯᠲᠠ ᠶ᠋ᠢ ᠰᠠᠶᠢᠵᠢᠷᠠᠭᠤᠯᠬᠤ᠂ ᠴᠠᠭᠠᠰᠢᠯᠠᠭᠠᠳ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠦᠶᠢᠯᠡ ᠠᠵᠢᠯᠯᠠᠭᠠᠨ ᠤ᠋ ᠴᠢᠨᠠᠷ᠂ ᠦᠷᠡ ᠳ᠋ᠦᠩ ᠢ᠋ ᠳᠡᢉᠡᢉᠰᠢᠯᠡᢉᠦᠯᢈᠦ ᠳ᠋ᠦ ᠴᠢᢉᠯᠡᠵᠦ ᠪᠠᠶᠢᠨᠠ᠃
Дотоодын цэргийн анги, тусгай салбаруудын үйл ажиллагааг жигдрүүлэх, алба хаагчдын цэргийн хэрэг, хууль эрх зүй, хүний эрхийн талаарх мэдлэгийг дээшлүүлэх, цэргийн дүрэм, журам сахин мөрдөх дадлыг хэвшүүлэх, сахилга, ёс зүйг бэхжүүлэх зорилгоор “Болзолт уралдаан”-ыг зохион байгуулж байна.
Уралдааны хүрээнд анги, салбаруудын алба хаагчдын сахилга, хариуцлага, дүрэмч ажиллагаа, хууль эрх зүйн мэдлэг, цэргийн албаны зохион байгуулалт, мөн байгууллагын тохижилт, цэвэр цэмцгэр байдал, үйл ажиллагааны жигдрэлт зэрэг үзүүлэлтийг харгалзан дүгнэж, тэргүүний анги, салбар, хамт олон, алба хаагчийг шалгаруулах юм.




Мөн Дотоодын цэргийн штабын даргын нэрэмжит бие бялдарын түвшин тогтоох үзлэгийг анги, тусгай салбарын алба хаагчдын дунд зохион байгуулж байна.
Уралдаан цэргийн албаны зохион байгуулалт, сахилга хариуцлага, алба хаагчдын мэдлэг, ур чадвар, хамт олны эерэг уур амьсгал, байгууллагын соёл, тохижилтыг сайжруулах, цаашлаад Дотоодын цэргийн байгууллагын үйл ажиллагааны чанар, үр дүнг дээшлүүлэхэд чиглэж байна.
100 жил
