Монгол Улсын Ерөнхийлөгч, Зэвсэгт хүчний Ерөнхий командлагч У.Хүрэлсүх төрийн цэргийн болон хууль сахиулах байгууллагын залуу офицеруудтай уулзлаа
ᠮᠣᠩᠭᠣᠯ ᠤᠯᠤᠰ ᠤ᠋ᠨ ᠶᠡᠷᠦᠩᢈᠡᠶᠢᠯᠡᢉᠴᠢ᠂ ᠵᠡᠪᠰᠡᢉᠲᠦ ᢈᠦᠴᠦᠨ ᠦ᠋ ᠶᠡᠷᠦᠩᢈᠡᠢ ᠻᠣᠮᠮᠠᠨ᠋ᠳ᠋ᠯᠠᠭᠴᠢ ᠤ᠂ᢈᠦᠷᠡᠯᠰᠦ᠋ᢈᠡ ᠲᠥᠷᠦ ᠶ᠋ᠢᠨ ᠴᠡᠷᠢᢉ ᠦ᠋ᠨ ᠪᠣᠯᠤᠨ ᠬᠠᠤᠯᠢ ᠰᠠᢈᠢᠭᠤᠯᠬᠤ ᠪᠠᠶᠢᠭᠤᠯᠤᠯᠭᠠ ᠶ᠋ᠢᠨ ᠵᠠᠯᠠᠭᠤ ᠣᠹᠢᠼᠧᠷ ᠤ᠋ᠳ ᠲᠠᠢ ᠠᠭᠤᠯᠵᠠᠯᠠ᠃ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠵᠠᠷᠯᠢᠭ ᠢ᠋ᠶᠠᠷ ᠒᠐᠒᠖ ᠣᠨ ᠢ᠋ “ᠲᠥᠷᠦ ᠶ᠋ᠢᠨ ᠴᠡᠷᠢᢉ ᠦ᠋ᠨ ᠪᠣᠯᠤᠨ ᠬᠠᠤᠯᠢ ᠰᠠᢈᠢᠭᠤᠯᠬᠤ ᠪᠠᠶᠢᠭᠤᠯᠤᠯᠭᠠ ᠶ᠋ᠢᠨ ᠵᠠᠯᠠᠭᠤ ᠣᠹᠢᠼᠧᠷ ᠤ᠋ᠨ ᠵᠢᠯ” ᠪᠣᠯᠭᠠᠨ ᠵᠠᠷᠯᠠᠭᠰᠠᠨ᠃ ᠡᠨᠡ ᢈᠦᠷᠢᠶᠡᠨ ᠳ᠋ᠦ ᠥᠨᠦᠳᠦᠷ /᠒᠐᠒᠖᠂᠐᠙᠂᠑᠖/ ᠮᠣᠩᠭᠣᠯ ᠤᠯᠤᠰ ᠤ᠋ᠨ ᠶᠡᠷᠦᠩᢈᠡᠶᠢᠯᠡᢉᠴᠢ᠂ ᠵᠡᠪᠰᠡᢉᠲᠦ ᢈᠦᠴᠦᠨ ᠦ᠋ ᠶᠡᠷᠦᠩᢈᠡᠢ ᠻᠣᠮᠮᠠᠨ᠋ᠳ᠋ᠯᠠᠭᠴᠢ ᠤ᠂ᢈᠦᠷᠡᠯᠰᠦ᠋ᢈᠡ ᠲᠥᠷᠦ ᠶ᠋ᠢᠨ ᠴᠡᠷᠢᢉ ᠦ᠋ᠨ ᠪᠣᠯᠤᠨ ᠬᠠᠤᠯᠢ ᠰᠠᢈᠢᠭᠤᠯᠬᠤ ᠪᠠᠶᠢᠭᠤᠯᠤᠯᠭᠠ ᠶ᠋ᠢᠨ ᠵᠠᠯᠠᠭᠤ ᠣᠹᠢᠼᠧᠷ ᠤ᠋ᠳ ᠤ᠋ᠨ ᠲᠥᠯᠦᢉᠡᠯᠡᠯ ᠲᠡᠢ ᠠᠭᠤᠯᠵᠠᠯᠲᠠ ᠵᠣᢈᠢᠶᠠᠨ ᠪᠠᠶᠢᠭᠤᠯᠤᠯᠠ᠃ ᠴᠠᠭᠠᠰᠢᠳᠠ ᠤᠯᠤᠰ ᠣᠷᠤᠨ᠂ ᠠᠷᠠᠳ ᠲᠦᠮᠡᠨ ᠦ᠋ ᠢᠵᠠᠭᠤᠷ ᠡᠷᢈᠡ ᠠᠰᠢᠭ᠂ ᠦᠨᠳᠦᠰᠦᠨ ᠦ᠋ ᠠᠶᠤᠯ ᠦᢉᠡᠢ ᠪᠠᠶᠢᠳᠠᠯ᠂ᠰᠢᠳᠤᠷᠭᠤ ᠶᠣᠰᠤ᠂ ᠬᠠᠤᠯᠢ ᠳᠡᢉᠡᠳᠦᠯᠡᢈᠦ ᠵᠠᠷᠴᠢᠮ ᠢ᠋ ᠢᠮᠠᠭᠲᠠ ᠮᠥᠷᠳᠡᠵᠦ ᠪᠠᠶᠢᠬᠤ ᠶ᠋ᠢ ᠵᠠᢈᠢᠵᠤ᠂ ᠠᠯᠢᠪᠠ ᠠᠵᠢᠯ ᢈᠡᠷᠡᢉᠴᠢ ᠰᠠᠨᠠᠯ᠂ ᠰᠠᠨᠠᠭᠠᠴᠢᠯᠭᠠ ᠶ᠋ᠢ ᠤᠷᠢᠳᠠ ᠶ᠋ᠢᠨ ᠠᠳᠠᠯᠢ ᠳᠡᠮᠵᠢᢈᠦ ᠪᠡᠨ ᠢᠯᠡᠷᢈᠡᠶᠢᠯᠡᠯᠡ᠃ ᠡᠶᠢᠨ ᢈᠦ ᠵᠠᠯᠠᠭᠤ ᠣᠹᠢᠼᠧᠷ ᠤ᠋ᠳ ᠤ᠋ᠨ ᠮᠡᠷᢉᠡᠵᠢᠯ ᠦ᠋ᠨ ᠤᠷᠠ ᠴᠢᠳᠠᠪᠤᠷᠢ᠂ ᠮᠠᠩᠯᠠᠶᠢᠯᠠᠯ᠂ᠲᠧᢈᠨᠣᠯᠣᢉᠢ ᠶ᠋ᠢᠨ ᠡᠷᠢᠨ ᠦᠶᠡ ᠶ᠋ᠢᠨ ᠰᠢᠨᠡ ᠰᠡᠳᢈᠢᠯᢉᠡ ᠶ᠋ᠢ ᢈᠥᢉᠵᠢᢉᠦᠯᢈᠦ᠂ ᠨᠡᠶᠢᢉᠡᠮ ᠦ᠋ᠨ ᠬᠠᠮᠠᠭᠠᠯᠠᠯ ᠢ᠋ ᠰᠠᠶᠢᠵᠢᠷᠠᠭᠤᠯᠬᠤ ᠴᠢᢉᠯᠡᠯ ᠢ᠋ᠶᠡᠷ ᠣᠯᠠᠨ ᠲᠠᠯᠠᠲᠤ ᠠᠷᠭᠠ ᢈᠡᠮᠵᠢᠶᠡ ᠶ᠋ᠢ ᠲᠥᠯᠦᠪᠯᠡᠨ ᢈᠡᠷᠡᢉᠵᠢᢉᠦᠯᠵᠦ᠂ᠮᠡᠳᠡᠯᢉᠡ᠂ ᠤᠷᠠ ᠴᠢᠳᠠᠪᠤᠷᠢ᠂ ᠮᠠᠩᠯᠠᠶᠢᠯᠠᠯ ᠢ᠋ ᠳᠡᠮᠵᠢᢈᠦ᠂ ᠠᠯᠪᠠ ᠬᠠᠭᠠᠭᠴᠢᠳ ᠤ᠋ᠨ ᠨᠡᠶᠢᢉᠡᠮ ᠦ᠋ᠨ ᠬᠠᠮᠠᠭᠠᠯᠠᠯ ᠢ᠋ ᠰᠠᠶᠢᠵᠢᠷᠠᠭᠤᠯᠬᠤ ᠳ᠋ᠤ ᠴᠢᢉᠯᠡᢉᠰᠡᠨ ᠪᠣᠳᠠᠲᠤ ᠠᠷᠭᠠ ᢈᠡᠮᠵᠢᠶᠡ ᠶ᠋ᠢ ᢈᠡᠷᠡᢉᠵᠢᢉᠦᠯᢈᠦ ᠨᠢ ᠒᠐᠒᠖ ᠣᠨ ᠤ᠋ ᠵᠣᠷᠢᠯᠲᠠᠲᠤ ᠠᠵᠢᠯ ᠤ᠋ᠨ ᠨᠢᢉᠡ ᢈᠡᠰᠡᢉ ᠪᠣᠯᠵᠤ ᠪᠠᠶᠢᠨᠠ᠃ ᠠᠭᠤᠯᠵᠠᠯᠲᠠ ᠳ᠋ᠤ ᠪᠠᠲᠤᠯᠠᠨ ᠬᠠᠮᠠᠭᠠᠯᠠᠬᠤ ᠶᠠᠮᠤ᠂ ᠬᠠᠤᠯᠢ ᠵᠦᠢ᠂ ᠳᠣᠲᠤᠭᠠᠳᠤ ᢈᠡᠷᠡᢉ ᠦ᠋ᠨ ᠶᠠᠮᠤ᠂ᠵᠡᠪᠰᠡᢉᠲᠦ ᢈᠦᠴᠦᠨ ᠦ᠋ ᠵᠠᠩᠵᠤᠨ ᠱᠲ᠋ᠠᠪ᠂ ᢈᠢᠯᠢ ᠬᠠᠮᠠᠭᠠᠯᠠᠬᠤ ᠶᠡᠷᠦᠩᢈᠡᠢ ᠭᠠᠵᠠᠷ᠂ᠣᠨᠴᠤᠭᠤᠢ ᠪᠠᠶᠢᠳᠠᠯ ᠤ᠋ᠨ ᠶᠡᠷᠦᠩᢈᠡᠢ ᠭᠠᠵᠠᠷ᠂ ᠴᠠᠭᠳᠠᠭᠠ ᠶ᠋ᠢᠨ ᠶᠡᠷᠦᠩᢈᠡᠢ ᠭᠠᠵᠠᠷ᠂ᠲᠠᠩᠨᠠᠭᠤᠯ ᠤ᠋ᠨ ᠶᠡᠷᠦᠩᢈᠡᠢ ᠭᠠᠵᠠᠷ᠂ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ ᠭᠠᠵᠠᠷ᠂ᠰᠢᢉᠦᢈᠦ ᠶ᠋ᠢᠨ ᠰᠢᠢᠳᠪᠦᠷᠢ ᢉᠦᠶᠢᠴᠡᠳᢈᠡᢈᠦ ᠶᠡᠷᠦᠩᢈᠡᠢ ᠭᠠᠵᠠᠷ᠂ ᠰᠢᢉᠦᢈᠦ ᠰᠢᠨᠵᠢᠯᠡᢉᠡᠨ ᠦ᠋ ᠶᠡᠷᠦᠩᢈᠡᠢ ᠭᠠᠵᠠᠷ᠂ᠳᠣᠲᠤᠭᠠᠳᠤ ᠶ᠋ᠢᠨ ᠴᠡᠷᠢᢉ ᠦ᠋ᠨ ᠱᠲ᠋ᠠᠪ᠂ ᠦᠨᠳᠦᠰᠦᠨ ᠦ᠋ ᠪᠠᠲᠤᠯᠠᠨ ᠬᠠᠮᠠᠭᠠᠯᠠᠬᠤ ᠶ᠋ᠢᠨ ᠶᠡᢈᠡ ᠰᠤᠷᠭᠠᠭᠤᠯᠢ᠂ ᠳᠣᠲᠤᠭᠠᠳᠤ ᢈᠡᠷᠡᢉ ᠦ᠋ᠨ ᠶᠡᢈᠡ ᠰᠤᠷᠭᠠᠭᠤᠯᠢ ᠶ᠋ᠢᠨ ᠤᠳᠤᠷᠢᠳᠤᠯᠭᠠ ᠨᠤᠭᠤᠳ᠂ ᠪᠡᠶᠡ ᠪᠦᠷᠢᠯᠳᠦᢈᠦᠨ ᠦ᠋ ᠲᠥᠯᠦᢉᠡᠯᠡᠯ ᠣᠷᠤᠯᠴᠠᠯᠠ᠃ ᠠᠭᠤᠯᠵᠠᠯᠲᠠ ᠳ᠋ᠤ ᠴᠠᠭᠳᠠᠭᠠ᠂ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠤᠳᠤᠷᠢᠳᠤᠯᠭᠠ᠂ ᠙᠐ ᠵᠠᠯᠠᠭᠤ ᠣᠹᠢᠼᠧᠷ ᠣᠷᠤᠯᠴᠠᠵᠤ᠂ ᠠᠯᠪᠠ ᠬᠠᠭᠠᠭᠴᠢᠳ ᠤ᠋ᠨ ᢈᠥᢉᠵᠢᠯ᠂ ᠴᠠᠭᠠᠰᠢᠳᠠ ᠶ᠋ᠢᠨ ᠵᠣᠷᠢᠯᠲᠠ᠂ ᠲᠤᠯᠭᠠᠮᠳᠠᠵᠤ ᠪᠤᠢ ᠠᠰᠠᠭᠤᠳᠠᠯ ᠤ᠋ᠨ ᠲᠠᠯᠠᠭᠠᠷ ᠰᠠᠨᠠᠯ ᠪᠣᠳᠤᠯ ᠢ᠋ᠶᠠᠨ ᠰᠣᠯᠢᠯᠴᠠᠯᠠ᠃
Монгол Улсын Ерөнхийлөгчийн зарлигаар 2026 оныг “Төрийн цэргийн болон хууль сахиулах байгууллагын залуу офицерын жил” болгон зарласан. Энэ хүрээнд өнөөдөр /2026.09.16/ Монгол Улсын Ерөнхийлөгч, Зэвсэгт хүчний Ерөнхий командлагч У.Хүрэлсүх төрийн цэргийн болон хууль сахиулах байгууллагын залуу офицеруудын төлөөлөлтэй уулзалт зохион байгууллаа.
Цаашид улс орон, ард түмний язгуур эрх ашиг, үндэсний аюулгүй байдал, шударга ёс, хууль дээдлэх зарчмыг ямагт мөрдөж байхыг захиж, аливаа ажил хэрэгч санал, санаачилгыг урьдын адил дэмжихээ илэрхийллээ.





Ийнхүү залуу офицеруудын мэргэжлийн ур чадвар, манлайлал, технологийн эрин үеийн шинэ сэтгэлгээг хөгжүүлэх, нийгмийн хамгааллыг сайжруулах чиглэлээр олон талт арга хэмжээг төлөвлөн хэрэгжүүлж, мэдлэг, ур чадвар, манлайллыг дэмжих, алба хаагчдын нийгмийн хамгааллыг сайжруулахад чиглэсэн бодит арга хэмжээг хэрэгжүүлэх нь 2026 оны зорилтот ажлын нэг хэсэг болж байна.
Уулзалтад Батлан хамгаалах яам, Хууль зүй, дотоод хэргийн яам, Зэвсэгт хүчний Жанжин штаб, Хил хамгаалах ерөнхий газар, Онцгой байдлын ерөнхий газар, Цагдаагийн ерөнхий газар, Тагнуулын ерөнхий газар, Төрийн тусгай хамгаалалтын газар, Шүүхийн шийдвэр гүйцэтгэх ерөнхий газар, Шүүх шинжилгээний ерөнхий газар, Дотоодын цэргийн штаб, Үндэсний батлан хамгаалахын их сургууль, Дотоод хэргийн их сургуулийн удирдлагууд, бие бүрэлдэхүүний төлөөлөл оролцлоо.
Уулзалтад цагдаа, дотоодын цэргийн байгууллагын удирдлага, 90 залуу офицер оролцож, алба хаагчдын хөгжил, цаашдын зорилт, тулгамдаж буй асуудлын талаар санал бодлоо солилцлоо.
100 жил
