ЦЭРГИЙН ЦОЛ ОЛГОХ ЖУРМЫН ХЭРЭГЖИЛТЭД ДҮН ШИНЖИЛГЭЭ ХИЙХ АЖЛЫН ХЭСЭГ АЖИЛЛАЛАА
ᠴᠡᠷᠢᢉ ᠦ᠋ᠨ ᠴᠣᠯᠠ ᠣᠯᠭᠤᠬᠤ ᠵᠢᠷᠤᠮ ᠤ᠋ᠨ ᢈᠡᠷᠡᢉᠵᠢᠯᠲᠡ ᠳ᠋ᠦ ᠳ᠋ᠦᠩ ᠰᠢᠨᠵᠢᠯᠡᢉᠡ ᢈᠢᢈᠦ ᠠᠵᠢᠯ ᠤ᠋ᠨ ᢈᠡᠰᠡᢉ ᠠᠵᠢᠯᠯᠠᠯᠠ
ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠲᠠᠮᠠᠭᠠ ᠶ᠋ᠢᠨ ᠭᠠᠵᠠᠷ ᠤ᠋ᠨ ᠳᠡᠳ᠋ ᠳᠠᠷᠤᠭᠠ ᠶ᠋ᠢᠨ ᠪᠠᠲᠤᠯᠠᠭᠰᠠᠨ ᠤᠳᠤᠷᠢᠳᠤᠮᠵᠢ ᠶ᠋ᠢᠨ ᠳᠠᠭᠠᠭᠤ ᠪᠠᠲᠤᠯᠠᠨ ᠬᠠᠮᠠᠭᠠᠯᠠᠬᠤ ᠶ᠋ᠢᠨ ᠶᠡᠷᠦᠩᢈᠡᠢ ᢈᠢᠨᠠᠨ ᠰᠢᠯᠭᠠᠭᠴᠢ ᠪᠷᠢᠭᠠᠳ᠋ ᠤ᠋ᠨ ᢉᠧᠨᠧᠷᠠᠯ ᠵᠠ᠂ᠪᠣᠯᠤᠳᠪᠠᠭᠠᠲᠤᠷ ᠢ᠋ᠶᠠᠷ ᠠᠬᠠᠯᠠᠭᠤᠯᠤᠭᠰᠠᠨ ᠠᠵᠢᠯ ᠤ᠋ᠨ ᢈᠡᠰᠡᢉ ᠳᠣᠲᠤᠭᠠᠳᠤ ᠶ᠋ᠢᠨ ᠴᠡᠷᠢᢉ ᠦ᠋ᠨ ᠱᠲ᠋ᠠᠪ ᠲᠤ ᠡᠨᠡ ᠣᠨ ᠤ᠋ ᠑᠐ ᠳ᠋ᠤᠭᠠᠷ ᠰᠠᠷᠠ ᠶ᠋ᠢᠨ ᠒᠗᠂᠒᠘᠆ᠤ᠋ ᠡᠳᠦᠷ ᠦ᠋ᠳ ᠲᠦ ᠠᠵᠢᠯᠯᠠᠯᠠ᠃ ᠠᠵᠢᠯ ᠤ᠋ᠨ ᢈᠡᠰᠡᢉ ᠶᠡᠷᠦᠩᢈᠡᠶᠢᠯᠡᢉᠴᠢ ᠶ᠋ᠢᠨ ᠒᠐᠒᠑ ᠣᠨ ᠤ᠋ ᠑᠓᠖ ᠳ᠋ᠤᠭᠠᠷ ᠵᠠᠷᠯᠢᠭ ᠢ᠋ᠶᠠᠷ ᠪᠠᠲᠤᠯᠠᠭᠳᠠᠭᠰᠠᠨ “ᠴᠡᠷᠢᢉ ᠦ᠋ᠨ ᠠᠯᠪᠠ ᠬᠠᠭᠠᠭᠴᠢ ᠳ᠋ᠤ ᠴᠡᠷᠢᢉ ᠦ᠋ᠨ ᠴᠣᠯᠠ ᠣᠯᠭᠤᠬᠤ ᠵᠢᠷᠤᠮ”, ᠵᠢᠷᠤᠮ ᠳ᠋ᠤ ᠥᢉᠡᠷᠡᠴᠢᠯᠡᠯᠲᠡ ᠣᠷᠤᠭᠤᠯᠬᠤ ᠲᠤᠬᠠᠢ ᠒᠐᠒᠓ ᠣᠨ ᠤ᠋ ᠑᠔᠒ ᠳ᠋ᠤᠭᠠᠷ ᠵᠠᠷᠯᠢᠭ᠂ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠲᠠᠮᠠᠭᠠ ᠶ᠋ᠢᠨ ᠭᠠᠵᠠᠷ ᠤ᠋ᠨ ᠳᠠᠷᠤᠭᠠ ᠶ᠋ᠢᠨ ᠒᠐᠒᠓ ᠣᠨ ᠤ᠋ ᠑᠒ ᠳ᠋ᠤᠭᠠᠷ ᠰᠠᠷᠠ ᠶ᠋ᠢᠨ ᠑᠘᠆ᠤ᠋ ᠡᠳᠦᠷ ᠥᢉᢉᠦᢉᠰᠡᠨ ᠡᢉᠦᠷᢉᠡ᠂ᠴᠢᢉᠯᠡᠯ ᠦ᠋ᠨ ᢈᠡᠷᠡᢉᠵᠢᠯᠲᠡ ᠶ᠋ᠢᠨ ᠪᠠᠶᠢᠳᠠᠯ ᠳ᠋ᠤ ᠒ ᠵᠢᠯ ᠲᠤᠲᠤᠮ ᠳ᠋ᠤ ᠳ᠋ᠦᠩ ᠰᠢᠨᠵᠢᠯᠡᢉᠡ ᢈᠢᠵᠦ᠂ ᠳ᠋ᠦᠩᠨᠡᠯᠲᠡ ᠭᠠᠷᠭᠠᠨ ᠶᠡᠷᠦᠩᢈᠡᠶᠢᠯᠡᢉᠴᠢ ᠶ᠋ᠢᠨ ᠲᠠᠮᠠᠭᠠ ᠶ᠋ᠢᠨ ᠭᠠᠵᠠᠷ ᠲᠠᠨᠢᠯᠴᠠᠭᠤᠯᠬᠤ ᠶᠤᠮ᠃
Монгол Улсын Ерөнхийлөгчийн Тамгын газрын дэд даргын баталсан удирдамжийн дагуу Батлан хамгаалахын ерөнхий хянан шалгагч бригадын генерал Ж.Болдбаатараар ахлуулсан ажлын хэсэг Дотоодын цэргийн штабт энэ оны 10 дугаар сарын 27, 28-ны өдрүүдэд ажиллалаа.



Ажлын хэсэг Ерөнхийлөгчийн 2021 оны 136 дугаар зарлигаар батлагдсан “Цэргийн алба хаагчид цэргийн цол олгох журам”, Журамд өөрчлөлт оруулах тухай 2023 оны 142 дугаар зарлиг, Монгол Улсын Ерөнхийлөгчийн тамгын газрын даргын 2023 оны 12 дугаар сарын 18-ны өдөр өгсөн үүрэг, чиглэлийн хэрэгжилтийн байдалд 2 жил тутамд дүн шинжилгээ хийж, дүгнэлт гарган Ерөнхийлөгчийн тамгын газар танилцуулах юм.
100 жил
