“МОНГОЛ ОРОН БАДАРТУГАЙ” БҮРЭН ХЭМЖЭЭНИЙ ТОГЛОЛТ БОЛЛОО
“ᠮᠣᠩᠭᠣᠯ ᠣᠷᠤᠨ ᠪᠠᠳᠠᠷᠲᠤᠭᠠᠢ” ᠪᠦᠷᠢᠨ ᢈᠡᠮᠵᠢᠶᠡᠨ ᠦ᠋ ᠲᠣᠭᠯᠠᠯᠲᠠ ᠪᠣᠯᠤᠯᠠ
ᠴᠠᠭᠳᠠᠭᠠ ᠶ᠋ᠢᠨ ᠶᠡᠷᠦᠩᢈᠡᠢ ᠭᠠᠵᠠᠷ ᠤ᠋ᠨ “ᠰᠦᠯᠳᠡ” ᠴᠢᠭᠤᠯᠭᠠ ᠶ᠋ᠢᠨ ᠤᠷᠠᠨ ᠪᠦᠲᠦᢉᠡᠯᠴᠢᠳ ᠒᠐᠒᠖ ᠣᠨ ᠤ᠋ ᠑᠐ ᠳ᠋ᠤᠭᠠᠷ ᠰᠠᠷᠠ ᠶ᠋ᠢᠨ ᠒᠙ ᠤ᠋ ᠡᠳᠦᠷ ᠳᠣᠲᠤᠭᠠᠳᠤ ᠶ᠋ᠢᠨ ᠴᠡᠷᠢᢉ ᠦ᠋ᠨ ᠪᠠᠶᠢᠭᠤᠯᠤᠯᠭᠠ ᠶ᠋ᠢᠨ ᠠᠯᠪᠠ ᠬᠠᠭᠠᠭᠴᠢ᠂ᠠᠵᠢᠯᠲᠠᠨ᠂ ᠲᠡᠳᠡᠨ ᠦ᠋ ᢉᠡᠷ ᠪᠦᠯᠢ ᠶ᠋ᠢᠨ ᢈᠢᠨ ᠪᠣᠯᠤᠨ ᠬᠤᠭᠤᠴᠠᠭᠠᠲᠤ ᠴᠡᠷᠢᢉ ᠦ᠋ᠨ ᠠᠯᠪᠠ ᠬᠠᠭᠠᠭᠴᠢᠳ ᠲᠤ ᠵᠣᠷᠢᠭᠤᠯᠤᠨ “ᠮᠣᠩᠭᠣᠯ ᠣᠷᠤᠨ ᠪᠠᠳᠠᠷᠲᠤᠭᠠᠢ” ᠪᠦᠷᠢᠨ ᢈᠡᠮᠵᠢᠶᠡᠨ ᠦ᠋ ᠤᠷᠠᠯᠢᠭ ᠤ᠋ᠨ ᠲᠣᠭᠯᠠᠯᠲᠠ ᠪᠠᠨ ᠲᠣᠯᠢᠯᠠᠭᠤᠯᠤᠯᠠ᠃ ᠡᠨᠡ ᢈᠦ ᠲᠣᠭᠯᠠᠯᠲᠠ ᠨᠢ ᠠᠯᠪᠠ ᠬᠠᠭᠠᠭᠴᠢᠳ ᠤ᠋ᠨ ᠴᠢᠯᠦᢉᠡᠲᠦ ᠴᠠᠭ ᠢ᠋ ᠵᠥᠪ ᠪᠣᠯᠪᠠᠰᠤᠨ ᠥᠩᢉᠡᠷᠡᢉᠦᠯᢈᠦ᠂ ᠰᠣᠶᠤᠯ᠂ ᠤᠷᠠᠯᠢᠭ ᠤ᠋ᠨ ᠪᠣᠯᠪᠠᠰᠤᠷᠠᠯ ᠢ᠋ ᠳᠡᢉᠡᢉᠰᠢᠯᠡᢉᠦᠯᢈᠦ᠂ ᠡᢈᠡ ᠣᠷᠤᠨᠴᠢ ᠦᠵᠡᠯ᠂ ᠦᠨᠳᠦᠰᠦᠨ ᠦ᠋ ᠪᠠᠬᠠᠷᠬᠠᠯ ᠢ᠋ ᠲᠥᠯᠦᠪᠰᠢᢉᠦᠯᢈᠦ ᠳ᠋ᠦ ᠴᠢᢉᠯᠡᢉᠰᠡᠨ ᠢ᠋ᠶᠡᠷ ᠢ᠋ᠶᠡᠨ ᠣᠨᠴᠠᠯᠢᠭ ᠪᠠᠶᠢᠯᠠ᠃ ᠲᠣᠭᠯᠠᠯᠲᠠ ᠶ᠋ᠢᠨ ᠦᠶᠡ ᠪᠡᠷ ᠮᠣᠩᠭᠣᠯ ᠣᠷᠤᠨ ᠤ᠋ ᠲᠡᠦᢈᠡ᠂ ᠥᠪ ᠰᠣᠶᠤᠯ᠂ ᠡᢈᠡ ᠣᠷᠤᠨ ᠤ᠋ ᠪᠠᠨ ᠲᠥᠯᠦᢉᠡ ᠵᠢᠳᢈᠦᢉᠰᠡᠨ ᠴᠡᠷᠢᢉ ᠡᠷᠡᠰ ᠦ᠋ᠨ ᠠᠯᠳᠠᠷ ᠭᠠᠪᠢᠶᠠ᠂ᠡᢈᠡ ᠣᠷᠤᠨᠴᠢ ᠰᠡᠳᢈᠢᠯᢉᠡ᠂ ᠬᠠᠶᠢᠷᠠ ᠰᠡᠳᢈᠢᠯ ᠢ᠋ ᠢᠯᠡᠷᢈᠡᠶᠢᠯᠡᢉᠰᠡᠨ ᠳᠠᠭᠤᠤ᠂ ᠪᠦᠵᠢᢉ᠂ ᢈᠥᢉᠵᠢᠮ ᠦ᠋ᠨ ᠰᠢᠯᠢᠳᠡᢉ ᠤᠷᠠᠨ ᠪᠦᠲᠦᢉᠡᠯ ᠦ᠋ᠳ ᠢ᠋ ᠦᠵᠡᢉᠴᠢᠳ ᠦ᠋ᠨ ᢈᠦᠷᠲᠡᢉᠡᠯ ᠪᠣᠯᠭᠠᠵᠤ᠂ ᠤᠷᠠᠯᠢᠭ ᠤ᠋ᠨ ᠭᠠᠶᠢᠬᠠᠮᠰᠢᠭ ᠢ᠋ ᠮᠡᠳᠡᠷᠡᢉᠦᠯᠦᢉᠰᠡᠨ ᠨᠢᢉᠡᠨ ᠦᠳᠡᠰᠢ ᠶ᠋ᠢ ᠪᠡᠯᠡᢉᠯᠡᠯᠡ᠃
Цагдаагийн ерөнхий газрын “Сүлд” чуулгын уран бүтээлчид 2026 оны 10 дугаар сарын 29-ний өдөр Дотоодын цэргийн байгууллагын алба хаагч, ажилтан, тэдний гэр бүлийнхэн болон хугацаат цэргийн алба хаагчдад зориулан “Монгол орон бадартугай” бүрэн хэмжээний урлагийн тоглолтоо толилууллаа.



Энэхүү тоглолт нь алба хаагчдын чөлөөт цагийг зөв боловсон өнгөрүүлэх, соёл, урлагийн боловсролыг дээшлүүлэх, эх оронч үзэл, үндэсний бахархлыг төлөвшүүлэхэд чиглэснээрээ онцлог байлаа.
Тоглолтын үеэр Монгол орны түүх, өв соёл, эх орныхоо төлөө зүтгэсэн цэрэг эрсийн алдар гавьяа, эх оронч сэтгэлгээ, хайр сэтгэлийг илэрхийлсэн дуу, бүжиг, хөгжмийн шилдэг уран бүтээлүүдийг үзэгчдийн хүртээл болгож, урлагийн гайхамшгийг мэдрүүлсэн нэгэн үдшийг бэлэглэлээ.
100 жил
